Title |
ᠰᠤᠶᠤᠯ ᠤᠨ ᠡᠪᠳᠡᠭᠳᠡᠯ ᠬᠢᠭᠡᠳ ᠣᠷᠤᠰᠢᠬᠤᠢ ᠶᠢᠨ ᠲᠦᠭᠰᠢᠭᠦᠷᠢ |
Creator |
ᠬᠠᠢᠷᠬᠠᠨ |
Keyword |
《ᠠᠩᠴᠢᠨ ᠠᠪᠤ ᠪᠠ ᠠᠪᠠ ᠶᠢᠨ ᠳᠠᠢᠭ᠎ᠠ》; ᠰᠤᠶᠤᠯ ᠤᠨ ᠡᠪᠳᠡᠭᠳᠡᠯ; ᠣᠷᠤᠰᠢᠬᠤᠢ ᠶᠢᠨ ᠲᠦᠭᠰᠢᠭᠦᠷᠢ |
Abstract |
ᠪ · ᠵᠤᠷᠢᠭᠲᠤ ᠶᠢᠨ ᠲᠤᠭ᠋ᠤᠵᠢ 《ᠠᠩᠴᠢᠨ ᠠᠪᠤ ᠪᠠ ᠠᠪᠠ ᠶᠢᠨ ᠳᠠᠢᠭ᠎ᠠ》 ᠳᠤ ᠪᠠᠢᠭ᠋ᠠᠯᠢ ᠶᠢᠨ ᠠᠯᠢ ᠠᠬᠤᠢ ᠶᠢᠨ ᠮᠠᠭ᠋ᠤᠳᠠᠯ ᠨᠢ ᠠᠷᠤ ᠦᠵᠡᠭᠳᠡᠯ ᠪᠡ ᠦᠷ᠎ᠡ ᠳ᠋ᠦᠩ ᠪᠤᠯᠵᠤ ᠪᠦᠬᠦᠢᠯᠡ ᠲᠤᠭ᠋ᠤᠵᠢ ᠶᠢᠨ ᠦᠨᠳᠦᠰᠦᠨ ᠬᠦᠭ ᠠᠶᠠᠰ ᠢ ᠲᠤᠭᠲᠠᠭ᠋ᠠᠵᠠᠢ᠃ ᠬᠠᠷᠢ ᠰᠤᠶᠤᠯ ᠤᠨ ᠨᠡᠪᠲᠡᠷᠡᠯ ᠨᠢ ᠬᠠᠷᠢᠴᠠᠩᠭ᠋ᠤᠢ ᠪᠡᠶ᠎ᠡ ᠪᠡᠨ ᠳᠠᠭ᠋ᠠᠭ᠋ᠠᠭᠰᠠᠨ ᠲᠤᠰᠠᠭ᠋ᠠᠷ ᠰᠤᠶᠤᠯ ᠤᠨ ᠰᠢᠰᠲ᠌᠋ᠧᠮ ᠢ ᠡᠪᠳᠡᠵᠦ᠂ ᠬᠣᠷᠴᠢᠨᠴᠤᠳ ᠤᠨ ᠤᠯᠠᠮᠵᠢᠯᠠᠯᠲᠤ ᠰᠤᠶᠤᠯ ᠳᠤ ᠬᠦᠨᠳᠦ ᠨᠤᠴᠢᠲᠠᠢ ᠴᠤᠬᠢᠯᠲᠠ ᠪᠤᠯᠪᠠ᠃ ᠡᠭᠦᠨ ᠳᠦ ᠬᠤᠪᠢᠰᠬᠠᠯ ᠪᠠ ᠨᠡᠢᠭᠡᠮ ᠦᠨ ᠬᠦᠳᠡᠯᠭᠡᠭᠡᠨ᠂ ᠲᠠᠷᠢᠶᠠᠯᠠᠬᠤ ᠰᠤᠶᠤᠯ ᠤᠨ ᠳᠦᠷᠢᠯᠲᠡ᠂ ᠨᠡᠭᠦᠳᠡᠯ ᠢᠷᠭᠡᠳ ᠦᠨ ᠨᠤᠷᠢᠯᠲᠠ ᠠᠴᠠ ᠪᠤᠯᠤᠭᠰᠠᠨ ᠢ ᠲᠤᠭ᠋ᠤᠵᠢ ᠳᠤ ᠳᠦᠷᠰᠦᠯᠢᠭ ᠳᠤᠰᠬᠠᠵᠠᠢ᠃ 《ᠠᠭᠲᠠ》 ᠶᠢᠨ ᠨᠢᠷᠤᠭ᠋ᠤᠨ ᠠᠴᠠ ᠪᠠᠭ᠋ᠤᠭᠰᠠᠨ ᠲᠡᠳᠡ ᠣᠳᠣ ᠶᠠᠭ᠋ᠤ ᠭᠡᠬᠦ ᠪᠢᠯᠡ ⁈ ᠭᠠᠷᠬᠤ ᠵᠠᠮ ᠬᠠᠮᠢᠭ᠎ᠠ ᠪᠠᠢᠨ᠎ᠠ ⁈ ᠡᠨ᠋ᠡ ᠪᠤᠯ ᠲᠤᠭ᠋ᠤᠵᠢ ᠳᠤ ᠳᠤᠰᠬᠠᠭᠳᠠᠭᠰᠠᠨ ᠬᠦᠨᠳᠦ ᠠᠰᠠᠭ᠋ᠤᠯᠲᠠ ᠮᠦᠨ᠃ |
Original Literature |
No Original Paper
|
出自 |
内蒙古民族大学学报(社会科学)
2003年
第1期
|