Title |
ᠲᠤᠭ᠎ᠠ ᠪᠦᠷᠢᠳᠭᠡᠯ ᠦᠨ ᠠᠷᠭ᠎ᠠ ᠵᠦᠢ ᠳᠦ ᠰᠠᠭᠤᠷᠢᠯᠠᠨ ᠵᠠᠷᠢᠮ ᠤᠷᠠᠨ ᠪᠦᠲᠦᠭᠡᠯ ᠳᠤᠲᠤᠷᠠᠬᠢ ᠬᠤᠯᠪᠤᠬᠤ ᠦᠭᠡ ᠶᠢ ᠬᠠᠷᠢᠴᠠᠭᠤᠯᠤᠨ ᠰᠤᠳᠤᠯᠬᠤ ᠨᠢ — 《ᠳᠡᠯᠭᠡᠷ ᠬᠠᠩᠭᠠᠢ》 ᠪᠠ 《ᠲᠤᠩᠭᠠᠯᠠᠭ ᠲᠠᠮᠢᠷ》 ᠢᠶᠠᠷ ᠵᠢᠱᠢᠶᠡᠯᠡᠬᠦ ᠨᠢ |
Creator |
ᠤᠶᠠᠩᠭ᠍ᠠ |
Keyword |
ᠮᠣᠩᠭᠤᠯ ᠤᠷᠠᠨ ᠪᠦᠲᠦᠭᠡᠯ; 《ᠳᠡᠯᠭᠡᠷ ᠬᠠᠩᠭᠠᠢ》; 《ᠲᠤᠩᠭᠠᠯᠠᠭ ᠲᠠᠮᠢᠷ》; ᠬᠤᠯᠪᠤᠬᠤ ᠦᠭᠡ |
Abstract |
ᠬᠡᠯᠡᠨ ᠦ ᠮᠠᠲ᠋ᠧᠷᠢᠶᠠᠯ ᠵᠠᠳᠠᠯᠬᠤ ᠫᠷᠤᠭᠷᠠᠮ Wodsmith᠂ ConcappV4 ᠮᠡᠲᠦ ᠶᠢᠨ ᠪᠦᠷᠢᠳᠭᠡᠯ ᠦᠨ ᠪᠠᠭᠠᠵᠢ ᠶᠢ ᠠᠰᠢᠭᠯᠠᠵᠤ᠂ ᠦᠪᠦᠷ ᠮᠣᠩᠭᠤᠯ ᠤᠨ ᠤᠷᠠᠨ ᠪᠦᠲᠦᠭᠡᠯ 《ᠳᠡᠯᠭᠡᠷ ᠬᠠᠩᠭᠠᠢ》 ᠪᠠ ᠮᠣᠩᠭᠤᠯ ᠤᠯᠤᠰ ᠤᠨ ᠤᠷᠠᠨ ᠪᠦᠲᠦᠭᠡᠯ ᠢ 《ᠲᠤᠩᠭᠠᠯᠠᠭ ᠲᠠᠮᠢᠷ》 ᠲᠤ ᠬᠡᠷᠡᠭᠯᠡᠭᠰᠡᠨ ᠬᠤᠯᠪᠤᠬᠤ ᠦᠭᠡ ᠶᠢ ᠬᠠᠷᠢᠴᠠᠭᠤᠯᠤᠨ ᠵᠠᠳᠠᠯᠵᠤ᠂ ᠵᠤᠬᠢᠶᠠᠯ ᠳᠠᠬᠢ ᠬᠤᠯᠪᠤᠬᠤ ᠦᠭᠡ ᠶᠢᠨ ᠬᠡᠷᠡᠭᠯᠡᠯᠲᠡ ᠶᠢᠨ ᠪᠠᠢᠳᠠᠯ ᠠᠴᠠ ᠵᠤᠬᠢᠶᠠᠭᠴᠢ ᠶᠢᠨ ᠬᠤᠯᠪᠤᠬᠤ ᠦᠭᠡ ᠬᠡᠷᠡᠭᠯᠡᠬᠦ ᠳᠠᠳᠬᠠᠯ ᠪᠠ ᠬᠡᠪ ᠨᠠᠮᠪᠠ ᠶᠢ ᠮᠡᠳᠡᠵᠦ ᠪᠤᠯᠬᠤ ᠮᠦᠷᠲᠡᠭᠡᠨ ᠲᠤᠭ᠎ᠠ ᠪᠠᠷᠢᠮᠲᠠ ᠶᠢᠨ ᠪᠦᠷᠢᠳᠭᠡᠯ ᠡᠴᠡ ᠵᠤᠬᠢᠶᠠᠯ ᠪᠦᠲᠦᠭᠡᠯ ᠳᠦ ᠵᠠᠷᠢᠮ ᠲᠦᠭᠡᠮᠡᠯ ᠬᠡᠷᠡᠭᠯᠡᠭᠳᠡᠬᠦ ᠦᠭᠡᠢ ᠬᠤᠯᠪᠤᠬᠤ ᠦᠭᠡ ᠨᠢ ᠶᠠᠭᠤ ᠶᠠᠭᠤ ᠪᠠᠢᠬᠤ ᠶᠢ ᠣᠢᠯᠠᠭᠠᠵᠤ ᠪᠤᠯᠬᠤ ᠶᠤᠮ᠃ ᠵᠦᠪᠬᠡᠨ ᠮᠣᠩᠭᠤᠯ ᠬᠡᠯᠡᠨ ᠦ ᠬᠤᠯᠪᠤᠬᠤ ᠦᠭᠡ ᠶᠢᠨ ᠬᠡᠷᠡᠭᠯᠡᠯᠲᠡ ᠶᠢᠨ ᠪᠠᠢᠳᠠᠯ ᠠᠴᠠ ᠬᠤᠶᠠᠷ ᠵᠤᠬᠢᠶᠠᠯ ᠤᠨ ᠦᠭᠡᠰ ᠦᠨ ᠰᠠᠩ ᠤᠨ ᠬᠡᠷᠡᠭᠯᠡᠯᠲᠡ ᠶᠢᠨ ᠵᠦᠷᠢᠶ᠎ᠡ ᠶᠢ ᠪᠦᠷᠢᠮᠦᠰᠦᠨ ᠢᠯᠡᠷᠡᠭᠦᠯᠵᠦ ᠲᠡᠢᠯᠬᠦ ᠦᠭᠡᠢ ᠪᠤᠯᠪᠠᠴᠤ ᠡᠨᠡ ᠬᠦ ᠠᠩᠬᠠᠨ ᠤ ᠲᠤᠷᠰᠢᠯᠲᠠ ᠨᠢ ᠢᠷᠡᠭᠡᠳᠦᠢ ᠳᠦ ᠪᠠᠢᠭᠠᠵᠢ ᠬᠡᠯᠡᠨ ᠦ ᠰᠢᠢᠳᠪᠦᠷᠢᠯᠡᠯᠲᠡ ᠶᠢᠨ ᠬᠠᠮᠢᠶ᠎ᠠ ᠪᠦᠬᠦᠢ ᠣᠨᠣᠯ ᠠᠷᠭ᠎ᠠ ᠳᠤ ᠰᠠᠭᠤᠷᠢᠯᠠᠨ ᠤᠷᠠᠨ ᠪᠦᠲᠦᠭᠡᠯ ᠦᠳ ᠢ ᠺᠤᠮᠫᠢᠦ᠋ᠲ᠋ᠧᠷ ᠢᠶᠡᠷ ᠳᠠᠮᠵᠢᠨ᠂ ᠲᠤᠭᠠᠵᠢᠭᠤᠯᠤᠨ ᠰᠤᠳᠤᠯᠬᠤ (数字化研究) ᠳᠤ ᠳᠡᠪᠢᠰᠭᠡᠷ ᠪᠯᠤᠬᠤ ᠶᠢ ᠬᠦᠰᠡᠨ ᠨᠠᠢᠳᠠᠵᠤ ᠪᠤᠢ᠃ |
Original Literature |
View Original Paper
|
出自 |
中国蒙古学
2016年
第3期
|