Title |
《ᠬᠤᠷᠴᠢᠨ ᠢ ᠡᠷᠢᠬᠦᠢ》ᠲᠤᠭᠤᠵᠢ ᠳ᠋ᠡᠬᠢ ᠠᠬᠤᠢ ᠶᠢᠨ ᠰᠣᠶᠣᠯ ᠤᠨ ᠬᠠᠯᠮᠵᠢᠯᠠᠯ ᠪᠠ ᠭᠤᠨᠢᠭᠲᠤ ᠲᠦᠷᠢ ᠶᠢᠨ ᠪᠦᠲᠦᠭᠡᠯᠲᠡ |
Creator |
ᠲᠤᠶᠠᠭ᠎ᠠ |
Keyword |
《ᠬᠤᠷᠴᠢᠨ ᠢ ᠡᠷᠢᠬᠦᠢ》; ᠠᠬᠤᠢ ᠰᠣᠶᠣᠯ ᠤᠨ ᠬᠠᠯᠠᠮᠵᠢᠯᠠᠯ; ᠭᠤᠨᠢᠭᠲᠤ ᠲᠦᠷᠢ |
Abstract |
《ᠬᠤᠷᠴᠢᠨ ᠢ ᠡᠷᠢᠬᠦᠢ》ᠭᠡᠬᠦ ᠲᠤᠭᠤᠵᠢ ᠪᠣᠯ ᠦᠨᠳᠦᠰᠦᠲᠡᠨ ᠤ ᠡᠬᠡ ᠨᠤᠲᠤᠭ ᠬᠤᠷᠴᠢᠨ ᠤ ᠪᠠᠨ ᠬᠠᠲᠠᠭᠤ ᠪᠡᠷᠭᠡᠰᠢᠶᠡᠯᠲᠦ ᠪᠣᠳᠠᠳᠤ ᠠᠬᠤᠢ ᠠᠮᠢᠳᠤᠷᠠᠯ ᠳ᠋ᠤ ᠰᠠᠭᠤᠷᠢᠯᠠᠨ᠂ ᠬᠤᠷᠴᠢᠨᠴᠤᠳ ᠤᠨ ᠨᠡᠢᠭᠡᠮ ᠲᠡᠦᠭᠡ ᠰᠣᠶᠣᠯ ᠤᠨ ᠬᠤᠪᠢᠷᠠᠯ᠂ᠢᠳᠡᠭᠳᠡᠯ᠂ ᠤᠨᠳᠤᠤᠰᠢᠯ᠂ ᠲᠤᠷᠤᠢᠳᠠᠯ ᠵᠡᠷᠭᠡ ᠵᠢ ᠵᠢᠷᠤᠭᠯᠠᠵᠤ ᠣᠩᠰᠢᠭᠴᠢᠳ ᠲᠤ ᠭᠦᠨ ᠴᠢᠬᠢᠮᠠᠢ ᠭᠤᠣ ᠠ ᠰᠡᠩᠭᠡᠷᠡᠯ ᠤᠯᠭᠤᠳᠠᠭ ᠪᠦᠲᠦᠭᠡᠯ ᠶᠣᠮ᠃ ᠵᠣᠬᠢᠶᠠᠭᠴᠢ ᠡᠢᠮᠦᠷᠬᠦ ᠤᠳᠬ ᠠ ᠰᠠᠨᠠᠭ᠎ᠠ ᠪᠠᠨ ᠢᠯᠡᠷᠡᠭᠦᠯᠬᠦ ᠳ᠋ᠤ ᠪᠠᠨ ᠠᠮᠢᠳᠤᠯᠢᠭ ᠰᠠᠢᠬᠠᠨ ᠵᠦᠢᠷᠯᠡᠯ ᠲᠦᠷᠰᠦᠯᠡᠯ ᠵᠦᠢᠷ ᠰᠡᠴᠡᠨ ᠦᠭᠡᠰ᠂ ᠤᠨᠢᠰᠤᠭ᠎ᠠ ᠲᠠᠭᠠᠪᠤᠷᠢ ᠵᠡᠷᠭᠡ ᠵᠢ ᠠᠰᠢᠭᠯᠠᠨ ᠪᠢᠴᠢᠨ ᠤᠷᠤᠭᠤᠯᠵᠤ᠂ ᠬᠠᠪᠤᠯᠢᠭ ᠰᠠᠢᠬᠠᠨ ᠬᠡᠯᠡ ᠬᠡᠯᠡᠯᠭᠡ ᠪᠡᠷ ᠭᠤᠤᠯ ᠤᠳᠬ ᠠ ᠰᠠᠨᠠᠭ᠎ᠠ ᠪᠠᠨ ᠤᠷᠠᠨ ᠬᠦᠨᠵᠡᠭᠡᠢ ᠢᠯᠡᠳᠭᠡᠵᠦ ᠴᠢᠳᠠᠭᠰᠠᠨ ᠢᠢᠡᠷ ᠪᠠᠷᠠᠬᠤ ᠦᠭᠡᠢ᠂ ᠬᠦᠮᠦᠰ ᠤᠨ ᠰᠣᠶᠣᠯ ᠰᠡᠳᠬᠢᠯᠭᠡᠨ ᠤ ᠡᠭᠦᠳᠡᠨ ᠡᠴᠡ ᠤᠯᠠᠮᠵᠢᠯᠠᠯᠲᠤ ᠰᠣᠶᠣᠯ ᠤᠨ ᠨᠢᠬᠡᠴᠡ ᠵᠢ ᠠᠭᠤᠳᠠᠯᠤᠨ᠂ ᠭᠤᠨᠢᠭᠲᠤ ᠲᠦᠷᠢ ᠵᠢ ᠢᠯᠡᠷᠡᠭᠦᠯᠵᠦ᠂ ᠣᠳᠣᠬᠢ ᠬᠦᠮᠦᠰ ᠲᠦ ᠦᠪᠡᠷ ᠤᠨ ᠨᠤᠲᠤᠭ ᠤᠰᠤ ᠪᠠᠨ ᠰᠠᠬᠢᠵᠤ᠂ ᠬᠠᠢᠷᠠᠯᠠᠨ ᠬᠠᠮᠠᠭᠠᠯᠠᠵᠤ ᠶᠠᠪᠤᠬᠤ ᠴᠢᠬᠤᠯᠠᠲᠠᠢ ᠭᠡᠵᠦ ᠤᠷᠢᠶᠠᠯᠭᠰᠠᠨ ᠪᠠᠢᠨ᠎ᠠ᠃ |
Original Literature |
View Original Paper
|
出自 |
赤峰学院学报(蒙文哲学社会科学版)
2015年
第2期
|