Paper Information


Title ᠮᠤᠩᠭ᠋ᠤᠯ ᠬᠡᠯᠡᠨ ᠤ sa-/se-/so-/su-/sʉ- ᠢᠵᠠᠭᠤᠷᠳᠤ ᠦᠭᠡᠰ ᠤᠨ ᠰᠢᠨᠵᠢᠯᠡᠯ
Creator ᠲᠦᠮᠡᠨᠵᠢᠷᠭᠠᠯ
Keyword ᠮᠤᠩᠭ᠋ᠤᠯ ᠬᠡᠯᠡ; sa- ᠢᠵᠠᠭᠤᠷᠳᠤ ᠦᠭᠡᠰ; ᠬᠠᠷᠢᠴᠠᠭᠤᠯᠤᠭᠰᠠᠨ ᠰᠤᠳᠤᠯᠤᠯ
Abstract ᠦᠭᠦᠯᠡᠯ ᠳᠤ᠂ ᠮᠤᠩᠭ᠋ᠤᠯ ᠬᠡᠯᠡᠨ ᠳᠤ ᠬᠢ sa-/se-/so-/su-/sʉ- ᠢᠵᠠᠭᠤᠷᠳᠤ ᠦᠭᠡᠰ ᠨᠢ ᠮᠤᠩᠭ᠋ᠤᠯ ᠲᠦᠷᠦᠯ ᠤᠨ ᠪᠤᠰᠤᠳ ᠬᠡᠯᠡ᠂ ᠴᠢᠨᠠᠭᠰᠢᠯᠠᠭᠠᠳ ᠲᠦᠷᠦᠭ ᠲᠦᠷᠦᠯ ᠬᠡᠯᠡ ᠪᠤᠯᠤᠨ ᠮᠠᠨᠵᠤ - ᠲᠦᠩᠭᠦᠰ ᠲᠦᠷᠦᠯ ᠬᠡᠯᠡ ᠨᠤᠭᠦᠳ ᠲᠤ ᠤᠳᠬ᠎ᠠ ᠬᠡᠯᠪᠡᠷᠢ ᠶᠢᠨ ᠲᠠᠯ᠎ᠠ ᠪᠡᠷ ᠨᠡᠯᠢᠶᠡᠳ ᠵᠢᠮ᠎ᠡ ᠬᠠᠤᠯᠢ ᠲᠠᠢ ᠪᠡᠷ ᠲᠤᠬᠢᠷᠠᠯᠴᠠᠵᠤ ᠪᠠᠢ᠌ᠭ᠎᠎᠎ᠠ ᠭᠡᠵᠦ ᠦᠵᠡᠭᠰᠡᠨ ᠪᠦᠭᠡᠳ ᠡᠨᠡ ᠬᠦ ᠪᠦᠳᠦᠭᠡᠪᠦᠷᠢ ᠶᠢᠨ ᠢᠵᠢᠯ ᠰᠢᠨᠵᠢ ᠪᠠ ᠲᠤᠳᠤᠭᠠᠳᠤ ᠪᠦᠳᠦᠴᠡ ᠶᠢᠨ ᠢᠵᠢᠯ ᠰᠢᠨᠵᠢ ᠨᠢ ᠠᠷᠠᠢ ᠭᠡᠨᠡᠳᠳᠡ ᠶᠢᠨ ᠦᠵᠡᠭᠳᠡᠯ ᠪᠢᠰᠢ ᠮᠦᠷᠳᠡᠭᠡᠨ ᠬᠠᠷᠢᠯᠴᠠᠨ ᠵᠢᠭᠡᠯᠡᠯᠳᠦᠭᠰᠡᠨ ᠦᠵᠡᠭᠳᠡᠯ ᠴᠤ ᠪᠢᠰᠢ᠂ ᠬᠠᠷᠢᠨ ᠡᠳᠡᠭᠡᠷ ᠬᠡᠯᠡᠳ ᠤᠨ ᠭᠠᠷᠤᠯ ᠡᠭᠦᠰᠦᠯ ᠤᠨ ᠬᠠᠷᠢᠴᠠᠭ᠎ᠠ ᠬᠤᠯᠪᠤᠭ᠎ᠠ ᠲᠠᠢ ᠡᠴᠡ ᠪᠤᠯᠤᠭᠰᠠᠨ ᠭᠡᠵᠦ ᠦᠡᠵᠭᠰᠡᠨ ᠪᠠᠢ᠌ᠨ᠎ᠠ᠃ ᠡᠭᠦᠨ ᠤ ᠰᠠᠭᠤᠷᠢᠨ ᠲᠡᠭᠡᠷ᠎ᠡ᠂ ᠮᠤᠩᠭ᠋ᠤᠯ ᠬᠡᠯᠡ ᠶᠢ ᠪᠠᠭᠳᠠᠭᠠᠭᠰᠠᠨ ᠠᠯᠳᠠᠢ ᠢᠵᠠᠭᠤᠷ ᠬᠡᠯᠡᠨ ᠳᠤ ᠠᠯᠢ ᠡᠷᠳᠡᠨ ᠡᠴᠡ ᠠᠪᠢᠶᠠᠨ ᠤ ᠬᠤᠪᠢᠷᠠᠯ ᠶᠢᠡᠷ ᠦᠭᠡ ᠪᠦᠳᠦᠭᠡᠬᠦ ᠠᠷᠭ᠎᠎ᠠ ᠤᠷᠤᠰᠢᠵᠤ ᠪᠠᠢ᠌ᠭᠰᠠᠨ ᠪᠦᠭᠡᠳ ᠲᠡᠷᠡ ᠨᠢ ᠦᠭᠡ ᠶᠢᠨ ᠵᠦᠢ ᠶᠢᠨ ᠠᠷᠭ᠎ᠠ ᠡᠴᠡ ᠡᠮᠦᠨ᠎ᠡ ᠦᠶ᠎ᠡ ᠳᠤ ᠠᠯᠳᠠᠢ ᠢᠵᠠᠭᠤᠷ ᠬᠡᠯᠡᠨ ᠤ ᠦᠭᠡ ᠶᠢᠨ ᠢᠵᠠᠭᠤᠷ ᠤᠨ ᠡᠭᠦᠰᠴᠦ ᠦᠷᠡᠵᠢᠭᠰᠡᠨ ᠪᠤᠶᠤ ᠦᠭᠡ ᠪᠦᠳᠦᠬᠦ ᠶᠤᠰᠤᠨ ᠤ ᠴᠢᠬᠤᠯᠠ ᠨᠢᠭᠡ ᠠᠷᠭ᠎ᠠ ᠵᠠᠮ ᠨᠢ ᠪᠤᠯᠵᠤ ᠢᠳᠡᠪᠬᠢᠳᠡᠢ ᠬᠡᠷᠡᠭᠯᠡᠭᠳᠡᠵᠦ ᠪᠠᠢ᠌ᠭᠰᠠᠨ ᠭᠡᠵᠦ ᠦᠵᠡᠵᠡᠢ᠃
Original Literature View Original Paper
出自 内蒙古大学学报 2013年 第6期

联系我们


内蒙古大学图书馆
呼和浩特市大学西路235号
中国·内蒙古
P: (0471) 4992561
E: huangfeilong@imu.edu.cn