Abstract |
《ᠭᠡᠰᠡᠷ》ᠰᠣᠳᠣᠯᠣᠯ ᠤᠨ ᠬᠦᠭᠵᠢᠯ ᠢ ᠲᠠᠭᠠᠯᠳᠤᠨ ᠭᠡᠰᠡᠷ ᠤᠨ ᠲᠤᠮᠤᠭ ᠴᠦ ᠬᠦᠮᠦᠰ ᠤᠨ ᠰᠣᠨᠢᠷᠬᠠᠯ ᠤᠨ ᠬᠦᠷᠢᠶ ᠠ᠂ᠰᠢᠨᠵᠢᠯᠡᠭᠡᠨ ᠤ ᠬᠠᠷᠠᠭᠠᠨ ᠳ᠋ᠤ ᠤᠷᠤᠬᠤ ᠪᠡᠯᠵᠤ《ᠪᠠᠭᠠᠷᠢᠨ ᠭᠡᠰᠡᠷ ᠤᠨ ᠲᠤᠮᠤᠭ》《ᠬᠦᠬᠡᠨᠠᠭᠤᠷ ᠭᠡᠰᠡᠷ ᠤᠨ ᠲᠤᠮᠤᠭ ᠶᠠᠷᠢᠶ ᠠ》ᠵᠡᠷᠭᠡ ᠲᠡᠭᠦᠪᠦᠷ ᠡᠮᠬᠢᠳᠭᠡᠯ ᠲᠠᠢ ᠪᠣᠯᠤᠭᠰᠠᠨ ᠡᠴᠡ ᠭᠠᠳᠠᠨ᠎ᠠ᠂ 《ᠠᠵᠤ ᠮᠡᠷᠭᠡᠨ ᠬᠠᠲᠤᠨ ᠤ ᠲᠤᠮᠤᠭ》《ᠠᠯᠳᠠᠨ ᠰᠢᠷᠭᠤᠭᠤᠯᠢ ᠶᠢᠨ ᠲᠤᠮᠤᠭ》《ᠭᠠᠳᠠᠰᠤ ᠠᠭᠤᠯᠠ ᠶᠢᠨ ᠲᠤᠮᠤᠭ》《ᠲᠠᠮᠤᠬ ᠠ ᠶᠢᠨ ᠮᠠᠩᠬᠠᠨ ᠤ ᠲᠤᠮᠤᠭ 》ᠵᠡᠷᠭᠡ ᠶᠢᠨ ᠵᠢᠷᠢᠮ ᠨᠤᠲᠤᠭ ᠢᠢᠡᠷ ᠤᠯᠠᠮᠵᠢᠠᠯᠭᠳᠠᠨ ᠲᠠᠷᠬᠠᠭᠰᠠᠨ ᠭᠡᠰᠡᠷ ᠤᠨ ᠲᠣᠬᠠᠢ ᠲᠤᠮᠤᠭ ᠶᠠᠷᠢᠶ ᠠ ᠨᠤᠭᠤᠳ ᠵᠠᠷᠢᠮ ᠵᠣᠬᠢᠶᠠᠯ᠂ ᠦᠭᠦᠯᠡᠯ ᠳ᠋ᠤ ᠬᠠᠷᠠᠭᠳᠠᠵᠤ ᠪᠠᠢᠨ᠎ᠠ᠃ ᠡᠳᠡᠭᠡᠷ ᠢ 《ᠲᠤᠷᠤᠨᠡᠬᠢᠨ ᠤ ᠢᠯᠢᠶᠡᠳᠡ》 ᠬᠡᠮᠡᠨ ᠠᠯᠳᠠᠷᠰᠢᠭᠰᠠᠨ 《ᠭᠡᠰᠡᠷ ᠤᠨ ᠲᠤᠭᠤᠵᠢ》 ᠲᠠᠢ ᠠᠳᠠᠯᠢᠳᠬᠠᠪᠠᠯ᠂ ᠦᠨᠡᠭᠡᠷ ᠨᠢᠳᠦᠨ ᠳ᠋ᠤ ᠦᠵᠡᠭᠳᠡᠮ ᠠ ᠦᠭᠡᠢ ᠭᠡᠮᠡᠷ ᠪᠣᠯᠪᠠᠴᠦ᠂ ᠲᠡᠳᠡᠭᠡᠷ ᠢ ᠡᠮᠬᠢᠳᠭᠡᠨ ᠴᠤᠭᠯᠠᠭᠤᠯᠵᠤ ᠰᠣᠳᠤᠯᠵᠤ ᠰᠢᠨᠵᠢᠯᠡᠬᠦ ᠶᠠᠪᠤᠳᠠᠯ ᠪᠣᠯ ᠭᠠᠭᠴᠠ 《ᠭᠡᠰᠡᠷ》 ᠤᠨ ᠰᠣᠳᠣᠯᠣᠯ ᠳ᠋ᠤ ᠯᠡ ᠬᠤᠯᠪᠤᠭᠲᠠᠬᠤ ᠪᠢᠰᠢ᠂ ᠲᠤᠮᠤᠭ ᠶᠠᠷᠢᠶᠠᠨ ᠤ ᠰᠣᠳᠣᠯᠣᠯ ᠳ᠋ᠤ ᠴᠦ ᠶᠡᠬᠡᠬᠡᠨ ᠬᠤᠯᠪᠤᠭᠳᠠᠳᠠᠭ ᠨᠢ ᠠᠩᠬᠠᠷᠤᠭᠤᠰᠢᠲᠠᠢ᠃ |