Title |
ᠬᠠᠨᠳᠤᠯᠭ᠎ᠠ ᠤᠳᠬ᠎ᠠ ᠶᠢᠨ ᠠᠢ ᠶᠢᠨ ᠪᠦᠷᠢᠯᠳᠦᠵᠦ ᠬᠦᠭ᠍ᠵᠢᠭᠰᠡᠨ ᠶᠠᠪᠤᠴᠠ |
Creator |
ᠯ᠂ ᠲᠤᠭᠳᠠᠮᠪᠠᠶᠠᠷ |
Keyword |
ᠬᠠᠨᠳᠤᠯᠭ᠎ᠠ ᠤᠳᠬ᠎ᠠ; ᠬᠠᠨᠳᠤᠯᠭ᠎ᠠ ᠤᠳᠬ᠎ᠠ ᠶᠢᠨ ᠪᠦᠲᠦᠴᠡ; ᠬᠠᠨᠳᠤᠯᠭ᠎ᠠ ᠤᠳᠬ᠎ᠠ ᠶᠢᠨ ᠣᠨᠴᠠᠯᠢᠭ; ᠬᠠᠨᠳᠤᠯᠭ᠎ᠠ ᠤᠳᠬ᠎ᠠ ᠶᠢᠨ ᠪᠦᠷᠢᠯᠳᠦᠯ |
Abstract |
ᠦᠭᠦᠯᠡᠯ ᠳᠦ ᠮᠣᠩ᠋ᠭᠤᠯ ᠬᠡᠯᠡᠨ ᠦ ᠬᠠᠨᠳᠤᠯᠭ᠎ᠠ ᠤᠳᠬ᠎ᠠ ᠶᠢ ᠲᠠᠨᠢᠯᠲᠠ ᠶᠢᠨ ᠬᠠᠨᠳᠤᠯᠭ᠎ᠠ ᠤᠳᠬ᠎ᠠ᠂ ᠬᠦᠴᠦᠨ ᠦ ᠬᠠᠨᠳᠤᠯᠭ᠎ᠠ ᠤᠳᠬ᠎ᠠ᠂ ᠬᠠᠷᠢᠯᠴᠠᠭᠠᠨ ᠤ ᠬᠠᠨᠳᠤᠯᠭ᠎ᠠ ᠤᠳᠬ᠎ᠠ ᠭᠡᠵᠦ ᠭᠤᠷᠪᠠᠨ ᠶᠡᠬᠡ ᠲᠦᠷᠦᠯ ᠳᠦ ᠠᠩ᠋ᠭᠢᠯᠠᠵᠤ ᠦᠵᠡᠭᠰᠡᠨ ᠪᠦᠭᠡᠳ ᠬᠠᠨᠳᠤᠯᠭ᠎ᠠ ᠤᠳᠬ᠎ᠠ ᠶᠢᠨ ᠪᠦᠷᠢᠯᠳᠦᠯ ᠨᠢ ᠮᠣᠩ᠋ᠭᠤᠯᠴᠤᠳ ᠤᠨ ᠠᠮᠢᠳᠤᠷᠠᠯ ᠲᠡᠮᠡᠴᠡᠯ ᠦᠨ ᠪᠤᠳᠠᠲᠠᠢ ᠣᠢ᠌ᠯᠠᠭᠠᠯᠲᠠ ᠲᠠᠨᠢᠯᠲᠠ ᠠᠴᠠ ᠢᠷᠡᠯᠲᠡᠢ ᠪᠠᠢ᠌ᠵᠤ᠂ ᠮᠣᠩ᠋ᠭᠤᠯᠴᠤᠳ ᠪᠤᠳᠠᠲᠠᠢ ᠬᠡᠷᠡᠭ ᠤᠴᠢᠷ ᠤᠨ ᠲᠤᠬᠠᠢ ᠣᠢ᠌ᠯᠠᠭᠠᠯᠲᠠ ᠲᠤᠷᠰᠢᠯᠭ᠎ᠠ ᠪᠠᠨ ᠠᠰᠢᠭᠯᠠᠨ᠂ ᠰᠡᠳᠭᠢᠬᠦᠢ ᠶᠢᠨ ᠬᠦᠷᠢᠶ᠎ᠡ ᠬᠡᠪᠴᠢᠶ᠎ᠡ ᠳᠡᠬᠢ ᠣᠢ᠌ᠯᠠᠭᠠᠭᠳᠠᠬᠤᠨ ᠢᠶᠠᠨ ᠳᠤᠰᠬᠠᠨ ᠭᠠᠷᠭᠠᠬᠤ ᠶᠠᠪᠤᠴᠠ ᠳᠤ ᠬᠠᠨᠳᠤᠯᠭ᠎ᠠ ᠤᠳᠬ᠎ᠠ ᠨᠢ ᠬᠠᠷᠢᠯᠴᠠᠭᠠᠨ ᠤ ᠴᠢᠳᠠᠮᠵᠢ ᠲᠠᠢ ᠪᠤᠯᠵᠤ ᠬᠡᠢ᠌ᠰᠪᠦᠷᠢᠵᠢᠨ ᠬᠦᠭ᠍ᠵᠢᠪᠡ᠃ ᠬᠠᠨᠳᠤᠯᠭ ᠤᠳᠬ᠎ᠠ ᠶᠢᠨ ᠪᠦᠷᠢᠯᠳᠦᠯ ᠨᠢ ᠪᠤᠳᠠᠲᠠᠢ ᠣᠢ᠌ᠯᠠᠭᠠᠯᠲᠠ ᠲᠤᠷᠰᠢᠯᠭ᠎ᠠ → ᠲᠠᠨᠢᠯᠲᠠ ᠶᠢᠨ ᠬᠠᠨᠳᠤᠯᠭ᠎ᠠ ᠤᠳᠬ᠎ᠠ → ᠬᠠᠷᠢᠯᠴᠠᠠᠨ ᠤ ᠬᠠᠨᠳᠤᠯᠭ᠎ᠠ ᠤᠳᠬ᠎ᠠ ᠭᠡᠬᠦ ᠬᠦᠭ᠍ᠵᠢᠯ ᠦᠨ ᠶᠠᠪᠤᠴᠠ ᠶᠢ ᠢᠯᠡᠷᠡᠭᠦᠯᠵᠦ ᠪᠠᠢ᠌ᠨ᠎ᠠ ᠭᠡᠵᠦ ᠦᠵᠡᠵᠡᠢ᠃ |
Original Literature |
View Original Paper
|
出自 |
蒙古学研究
2010年
第1期
|