Abstract |
ᠬᠤᠭᠤᠷ ᠤᠨ ᠦᠯᠢᠭᠡᠷ ᠦᠨ 《ᠦᠯᠢᠭᠡᠷ》ᠨᠢ ᠭᠤᠤᠯᠳᠠᠭᠤ ᠬᠢᠲᠠᠳ ᠦᠨᠳᠦᠰᠦᠲᠡᠨ ᠦ ᠲᠡᠦᠬᠡᠨ ᠤᠳᠬ᠎ᠠ ᠰᠡᠳᠦᠪᠲᠦ ᠦᠯᠢᠭᠡᠷ᠂ ᠮᠣᠩ᠋ᠭᠤᠯ ᠦᠨᠳᠦᠰᠦᠲᠡᠨ ᠦ ᠲᠡᠦᠬᠡᠨ ᠤᠳᠬ᠎ᠠ ᠰᠡᠳᠦᠪᠲᠦ ᠦᠯᠢᠭᠡᠷ᠂ ᠲᠦᠪᠡᠳ ᠨᠤᠮ ᠰᠤᠳᠤᠷ ᠤᠨ ᠦᠯᠢᠭᠡᠷ ᠭᠡᠬᠦ ᠭᠤᠷᠪᠠᠨ ᠲᠠᠯ᠎ᠠ ᠠᠴᠠ ᠢᠷᠡᠯᠲᠡ ᠲᠡᠢ ᠪᠦᠭᠡᠳ ᠬᠢᠲᠠᠳ ᠤᠨ ᠲᠡᠦᠬᠡᠨ ᠰᠡᠳᠦᠪᠲᠦ 《ᠬᠠᠭᠤᠴᠢᠨ ᠦᠯᠢᠭᠡᠷ》ᠳᠡᠭᠡᠷ᠎ᠡ ᠬᠤᠭᠤᠷ ᠤᠨ ᠦᠯᠢᠭᠡᠷ ᠭᠡᠬᠦ ᠠᠮᠠᠨ ᠵᠤᠬᠢᠶᠠᠯ ᠤᠨ ᠲᠢᠭ᠌ ᠰᠲ᠋ᠧᠯᠢ ᠪᠦᠷᠢᠯᠳᠦᠨ ᠲᠤᠭᠲᠠᠨᠢᠪᠠ᠃ ᠤᠯᠤᠰ ᠪᠠᠢ᠌ᠭᠤᠯᠤᠭᠳᠠᠭᠰᠠᠨ ᠤ ᠳᠠᠷᠠᠭ᠎ᠠ ᠬᠤᠪᠢᠰᠬᠠᠯᠲᠤ ᠤᠳᠬ᠎ᠠ ᠰᠡᠳᠦᠪᠲᠦ 《ᠰᠢᠨ᠎ᠡ ᠦᠯᠢᠭᠡᠷ》ᠪᠤᠢ ᠪᠤᠯᠪᠠ᠃ 20᠋ ᠳᠤᠭᠠᠷ ᠵᠠᠭᠤᠨ ᠤ 80 ᠋ᠭᠠᠳ ᠣᠨ ᠤ ᠰᠡᠭᠦᠯᠴᠢ ᠪᠡᠷ ᠮᠣᠩ᠋ᠭᠤᠯᠴᠤᠳ ᠤᠨ ᠦᠨᠳᠦᠰᠦᠲᠡᠨ ᠦ ᠤᠬᠠᠮᠰᠠᠷ ᠤᠨ ᠰᠡᠷᠭᠦᠯᠲᠡ ᠡᠴᠡ ᠪᠤᠯᠵᠤ ᠮᠣᠩ᠋ᠭᠤᠯ ᠦᠨᠳᠰᠦᠦᠲᠡᠨ ᠦ ᠲᠡᠦᠬᠡᠨ ᠤᠳᠬ᠎ᠠ ᠰᠡᠳᠦᠪᠲᠦ ᠦᠯᠢᠭᠡᠷ ᠢ ᠬᠡᠯᠡᠬᠦ ᠪᠤᠯᠪᠠ᠃ ᠲᠦᠪᠡᠳ ᠨᠤᠮ ᠰᠤᠳᠤᠷ ᠤᠨ ᠦᠯᠢᠭᠡᠷ ᠦᠩᠭᠡᠷᠡᠭᠰᠡᠨ ᠦ ᠪᠠᠭ᠎ᠠ ᠰᠠᠭ᠎ᠠ ᠶᠠᠷᠢᠭᠳᠠᠵᠤ ᠪᠠᠢ᠌ᠭᠰᠠᠨ ᠴᠤ ᠳᠡᠮᠡᠢ ᠬᠦᠭ᠍ᠵᠢᠯ ᠢᠶᠡᠨ ᠣᠯᠵᠤ ᠴᠢᠳᠠᠭᠰᠠᠨ ᠦᠭᠡᠢ᠃ |