Paper Information


Title ᠮᠤᠩᠭ᠋ᠤᠯ ᠬᠡᠯᠡᠨ ᠤ ᠦᠭᠡ ᠶᠢᠨ ᠤᠯᠠᠨ ᠤᠳᠬ᠎ᠠ ᠶᠢ ᠢᠯᠭᠠᠪᠤᠷᠢᠯᠠᠬᠤ ᠠᠰᠠᠭᠤᠳᠠᠯ ᠳᠤ
Creator ᠳ᠋ • ᠰᠠᠷᠠᠨ᠎ᠠ
Keyword ᠮᠤᠩᠭ᠋ᠤᠯ ᠬᠡᠯᠡ; ᠦᠭᠡ ᠶᠢᠨ ᠤᠯᠠᠨ ᠤᠳᠬ᠎ᠠ; ᠤᠳᠬ᠎ᠠ ᠶᠢᠨ ᠲᠦᠷᠦᠯ
Abstract ᠦᠭᠡ ᠶᠢᠨ ᠤᠯᠠᠨ ᠤᠳᠬ᠎ᠠ ᠪᠤᠯ ᠬᠡᠯᠡᠨ ᠤ ᠬᠤᠪᠢᠷᠠᠯ ᠬᠦᠭ᠍ᠵᠢᠯ ᠤᠨ ᠳ᠋ᠦᠩ ᠪᠠ ᠪᠤᠳᠠᠳᠠᠢ ᠢᠯᠡᠷᠡᠯ ᠮᠦᠨ᠃ ᠦᠭᠡ ᠶᠢᠨ ᠤᠯᠠᠨ ᠤᠳᠬ᠎ᠠ ᠶᠢᠨ ᠬᠤᠭᠤᠷᠤᠨᠳᠤᠬᠢ ᠬᠠᠷᠢᠴᠠᠭ᠎ᠠ ᠢᠯᠭᠠᠭ᠎ᠠ ᠶᠢ ᠰᠢᠨᠵᠢᠯᠡᠬᠦ ᠨᠢ ᠤᠯᠠᠨ ᠤᠳᠬᠠᠳᠤ ᠦᠭᠡ ᠶᠢᠨ ᠵᠠᠩᠭᠢᠯᠠᠭ᠎ᠠ ᠶᠢᠨ ᠠᠰᠠᠭᠤᠳᠠᠯ ᠤᠳ ᠢ ᠬᠦᠨᠳᠡᠬᠦ ᠴᠢᠬᠤᠯᠠ ᠵᠦᠢᠯ ᠪᠤᠯᠤᠨ᠎ᠠ᠂ ᠲᠡᠷᠡ ᠨᠢ ᠦᠭᠡ ᠶᠢᠨ ᠤᠯᠠᠨ ᠤᠳᠬ᠎ᠠ ᠶᠢ ᠲᠤᠳᠤᠷᠬᠠᠢᠯᠠᠬᠤ᠂ ᠵᠠᠳᠠᠯᠤᠨ ᠠᠩᠭᠢᠯᠠᠬᠤ ᠪᠠ ᠪᠠᠢ᠌ᠷᠢᠰᠢᠭᠤᠯᠤᠨ ᠲᠠᠢ᠌ᠯᠪᠤᠷᠢᠯᠠᠬᠤ ᠵᠡᠷᠭᠡ ᠲᠠᠢ ᠬᠤᠯᠪᠤᠭᠳᠠᠨ᠎ᠠ᠃ ᠦᠭᠡ ᠶᠢᠨ ᠤᠯᠠᠨ ᠤᠳᠬ᠎ᠠ ᠶᠢᠨ ᠬᠠᠷᠢᠴᠠᠭ᠎᠎ᠠ ᠢᠯᠭᠠᠭ᠎ᠠ ᠶᠢ ᠰᠢᠰᠲ᠋ᠸᠮ ᠲᠠᠢ ᠰᠤᠳᠤᠯᠬᠤ ᠪᠡᠷ ᠲᠠᠮᠵᠢᠭᠤᠯᠵᠤ᠂ ᠤᠯᠠᠨ ᠤᠳᠬᠠᠳᠤ ᠦᠭᠡ ᠬᠢᠭᠡᠳ ᠭᠠᠭᠴᠠ ᠤᠳᠬᠠᠳᠤ ᠦᠭᠡ᠂ ᠤᠯᠠᠨ ᠤᠳᠬᠠᠳᠤ ᠦᠭᠡ ᠬᠢᠭᠡᠳ ᠢᠵᠢᠯᠢ ᠲᠦᠷᠰᠦᠳᠦ ᠦᠭᠡ ᠶᠢᠨ ᠵᠠᠭᠠᠭ ᠢᠯᠭᠠᠭ᠎ᠠ ᠶᠢ ᠤᠯᠠᠮ ᠨᠢᠭᠡ ᠠᠯᠬᠤᠮ ᠲᠤᠳᠤᠷᠠᠭᠤᠯᠵᠤ᠂ ᠤᠯᠠᠨ ᠤᠳᠬᠠᠳᠤ ᠦᠭᠡ ᠶᠢᠨ ᠤᠳᠬ᠎ᠠ ᠶᠢᠨ ᠪᠦᠷᠢᠯᠳᠦᠴᠡ ᠶᠢᠨ ᠬᠡᠪ ᠵᠠᠭᠪᠤᠷ ᠪᠠ ᠤᠳᠬ᠎ᠠ ᠰᠠᠯᠪᠤᠷᠢᠯᠠᠬᠤ ᠦᠨᠳᠦᠰᠦᠨ ᠵᠢᠮ᠎ᠡ ᠵᠡᠷᠭᠡ ᠶᠢ ᠡᠷᠢᠯᠬᠢᠯᠡᠵᠦ ᠪᠤᠯᠤᠨ᠎ᠠ᠃
Original Literature View Original Paper
出自 中国蒙古学 2013年 第5期

联系我们


内蒙古大学图书馆
呼和浩特市大学西路235号
中国·内蒙古
P: (0471) 4992561
E: huangfeilong@imu.edu.cn