| Title | 
            ᠮᠣᠩᠭᠤᠯ ᠡᠮ ᠦᠨ ᠮᠠᠲ᠋ᠧᠷᠢᠶᠠᠯ ᠠᠭᠢ ᠳᠤ ᠬᠢ ᠶᠡᠷᠦᠩᠬᠡᠢ ᠹᠯᠠᠸᠤᠨ ᠢ ᠢᠳᠡᠭᠡᠰᠢᠭᠦᠯᠦᠨ ᠠᠪᠬᠤ ᠠᠵᠢᠯᠯᠠᠪᠤᠷᠢ ᠶᠢᠨ ᠲᠤᠬᠠᠢ ᠰᠤᠳᠤᠯᠭᠠ | 
          
          
            | Creator | 
            ᠳ᠋ᠠᠢ ᠨᠠᠶᠠᠨᠲᠠᠢ; ᠨᠠᠷᠠᠨᠴᠤᠭᠲᠤ; ᠸᠠᠩ ᠴᠢᠩ ᠬᠤ | 
          
          
            | Keyword | 
            ᠠᠭᠢ; ᠹᠯᠠᠸᠤᠨ ᠤ ᠲᠦᠷᠦᠯ; ᠳᠠᠩ ᠡᠯᠧᠮᠧᠨ᠋ᠲ ᠦᠨ ᠲᠤᠷᠰᠢᠯᠲᠠ; ᠡᠭᠴᠡ ᠣᠭᠲᠤᠯᠤᠯᠴᠠᠯ ᠤᠨ ᠲᠤᠷᠰᠢᠯᠲᠠ; ᠢᠳᠡᠭᠡᠰᠢᠭᠦᠯᠦᠨ ᠠᠪᠬᠤ ᠠᠵᠢᠯᠯᠠᠪᠤᠷᠢ | 
          
          
            | Abstract | 
            ᠵᠤᠷᠢᠯᠭᠠ᠄ ᠮᠣᠩᠭᠤᠯ ᠡᠮ ᠦᠨ ᠮᠠᠲ᠋ᠧᠷᠢᠶᠠᠯ ᠡᠬᠢ ᠳᠦ ᠬᠢ ᠶᠡᠷᠦᠩᠬᠡᠢ ᠹᠯᠠᠸᠤᠨ ᠢ ᠢᠳᠡᠭᠡᠰᠢᠭᠦᠯᠦᠨ ᠠᠪᠬᠤ ᠬᠠᠮᠤᠭ ᠤᠨ ᠰᠠᠢᠨ ᠠᠵᠢᠯᠯᠠᠪᠤᠷᠢ ᠶᠢᠨ ᠨᠦᠬᠦᠴᠡᠯ ᠢ ᠬᠠᠢᠵᠤ ᠰᠦᠪᠡᠭᠴᠢᠯᠡᠨᠡ᠃ ᠠᠷᠭᠠ᠄ ᠤᠷᠢᠳ ᠢᠶᠠᠷ ᠳᠠᠩ ᠡᠯᠧᠮᠧᠨ᠋ᠲ ᠦᠨ ᠲᠤᠷᠰᠢᠯᠲᠠ ᠶᠢᠨ ᠠᠷᠭᠠ ᠪᠠᠷ ᠠᠭᠢ ᠳᠤ ᠬᠢ ᠶᠡᠷᠦᠩᠬᠡᠢ ᠹᠯᠠᠸᠤᠨ ᠢ ᠭᠠᠷᠭᠠᠨ ᠠᠪᠬᠤ ᠶᠠᠪᠤᠴᠠ ᠶᠢ ᠨᠦᠯᠦᠭᠡᠯᠡᠬᠦ ᠭᠤᠤᠯ ᠡᠯᠧᠮᠧᠨ᠋ᠲ ᠢ ᠪᠠᠢᠴᠠᠭᠠᠭᠠᠳ᠂ ᠠᠭᠢ ᠶᠢᠨ ᠶᠡᠷᠦᠩᠬᠡᠢ ᠹᠯᠠᠸᠤᠨ ᠤ ᠬᠡᠮᠵᠢᠶᠡ ᠪᠡᠷ ᠣᠷᠤᠨ ᠲᠤᠭᠠ ᠪᠤᠯᠭᠠᠵᠤ᠂ ᠡᠭᠴᠡ ᠣᠭᠲᠤᠯᠤᠯᠴᠠᠯ ᠤᠨ ᠲᠤᠷᠰᠢᠯᠲᠠ ᠶᠢᠨ ᠠᠷᠭᠠ ᠪᠠᠷ ᠠᠭᠢ ᠶᠢᠨ ᠶᠡᠷᠦᠩᠬᠡᠢ ᠹᠯᠠᠸᠤᠨ ᠢ ᠢᠳᠡᠭᠡᠰᠢᠭᠦᠯᠦᠨ ᠠᠪᠬᠤ ᠠᠵᠢᠯᠯᠠᠪᠤᠷᠢ ᠶᠢ ᠰᠢᠯᠢᠳᠡᠭᠵᠢᠭᠦᠯᠪᠡ᠃ ᠦᠷᠡ ᠳ᠋ᠦᠩ᠄ ᠡᠲ᠋ᠢᠯ ᠠᠯᠺᠤᠤᠯ ᠤᠨ ᠦᠳᠭᠡᠴᠡ ᠨᠢ 70%᠂ ᠠᠭᠤᠰᠬᠠᠭᠴᠢ ᠶᠢᠨ ᠬᠡᠮᠵᠢᠶᠡ ᠨᠢ 100ml᠂ ᠭᠠᠷᠭᠠᠨ ᠠᠪᠬᠤ ᠬᠤᠭᠤᠴᠠᠭᠠ ᠨᠢ 6h ᠪᠤᠯ ᠠᠭᠢ ᠶᠢᠨ ᠶᠡᠷᠦᠩᠬᠡᠢ ᠹᠯᠠᠸᠤᠨ ᠢ ᠢᠳᠡᠭᠡᠰᠢᠭᠦᠯᠦᠨ ᠠᠪᠬᠤ ᠬᠠᠮᠤᠭ ᠤᠨ ᠰᠠᠢᠨ ᠠᠵᠢᠯᠯᠠᠪᠤᠷᠢ ᠶᠢᠨ ᠨᠦᠬᠦᠴᠡᠯ ᠪᠤᠯᠤᠨᠠ᠃ ᠳ᠋ᠦᠩᠨᠡᠯᠲᠡ᠄ ᠲᠤᠰ ᠠᠵᠢᠯᠯᠠᠪᠤᠷᠢ ᠨᠢ ᠣᠨᠣᠪᠴᠢᠲᠠᠢ ᠪᠦᠭᠡᠳ ᠲᠤᠭᠲᠠᠪᠤᠷᠢᠲᠠᠢ ᠲᠤᠯᠠ᠂ ᠲᠡᠭᠦᠨ ᠢ ᠠᠭᠢ ᠶᠢᠨ ᠶᠡᠷᠦᠩᠬᠡᠢ ᠹᠯᠠᠸᠤᠨ ᠢ ᠶᠡᠬᠡ ᠬᠡᠮᠵᠢᠶᠡ ᠪᠡᠷ ᠢᠳᠡᠭᠡᠰᠢᠭᠦᠯᠦᠨ ᠠᠪᠬᠤ ᠳᠤ ᠠᠰᠢᠭᠯᠠᠵᠤ ᠪᠤᠯᠤᠨᠠ᠃ | 
          
          
            | Original Literature | 
            
              
              No Original Paper
              
             | 
          
          
            | 出自 | 
            
              内蒙古民族大学学报(蒙医药学)
              2015年
              第1期
             |