Paper Information


Title 《ᠭᠡᠰᠡᠷ ᠦᠨ ᠲᠤᠭᠤᠵᠢ》 ᠳᠠᠬᠢ ᠪᠤᠷᠬᠠᠨ ᠤ ᠵᠠᠷᠯᠢᠭ ᠤᠨ ᠤᠴᠢᠷ
Creator ᠰᠡᠴᠡᠨᠪᠠᠲᠤ
Keyword ᠭᠡᠰᠡᠷ ᠤᠨ ᠲᠤᠭᠤᠵᠢ; ᠪᠤᠷᠬᠠᠨ ᠤ ᠵᠠᠷᠯᠢᠭ; ᠭᠠᠨᠵᠤᠤᠷ; ᠦᠭᠡᠷᠡᠴᠢᠯᠡᠨ ᠨᠠᠢᠷᠠᠭᠤᠯᠬᠤ ᠠᠷᠭ᠎ᠠ ᠵᠠᠷᠴᠢᠮ
Abstract ᠪᠡᠭᠡᠵᠢᠩ ᠪᠠᠷ ᠤᠨ 《ᠭᠡᠰᠡᠷ ᠦᠨ ᠲᠤᠭᠤᠵᠢ》 ᠳᠠᠬᠢ ᠪᠤᠷᠬᠠᠨ ᠨᠢᠷᠸᠠᠨ ᠳᠦᠷᠢ ᠦᠵᠡᠭᠦᠯᠬᠦ ᠶᠢᠨ ᠤᠷᠢᠳᠠ ᠬᠤᠷᠮᠤᠰᠲᠠ ᠬᠦᠷᠴᠦ ᠮᠦᠷᠭᠦᠭᠰᠡᠨ ᠪᠡ ᠪᠤᠷᠬᠠᠨ ᠬᠤᠷᠮᠤᠰᠲᠠ ᠲᠡᠭᠷᠢ ᠳᠤ ᠭᠢᠷᠢᠶᠡᠰ ᠵᠠᠷᠯᠢᠭ ᠦᠯᠡᠳᠡᠭᠡᠭᠰᠡᠨ ᠬᠠᠮᠤᠭ ᠡᠬᠢᠨ ᠦ ᠦᠯᠢᠭᠡᠷ ᠢ 《ᠭᠠᠨᠵᠤᠤᠷ》 ᠲᠠᠬᠢ 《ᠬᠤᠳᠤᠭᠲᠤ ᠶᠡᠬᠡ ᠨᠢᠭᠦᠯᠡᠰᠦᠭᠴᠢ ᠴᠠᠭᠠᠨ ᠯᠢᠩᠬᠤᠤ᠎ᠠ ᠨᠡᠷᠡᠲᠦ ᠶᠡᠬᠡ ᠬᠦᠯᠭᠡᠨ ᠰᠤᠳᠤᠷ》 ᠤᠨ 《ᠬᠤᠷᠮᠤᠰᠲᠠ ᠲᠡᠭᠷᠢ ᠶᠢᠨ ᠭᠤᠳᠠᠭᠠᠷ ᠪᠦᠯᠦᠭ》 ᠲᠡᠢ ᠬᠠᠷᠢᠴᠠᠭᠤᠯᠬᠤ ᠳᠤ ᠲᠤᠰ 《ᠭᠡᠰᠡᠷ ᠦᠨ ᠲᠤᠭᠤᠵᠢ》 ᠶᠢᠨ ᠬᠠᠮᠤᠭ ᠡᠬᠢᠨ ᠦ ᠦᠯᠢᠭᠡᠷ ᠦᠭᠦᠯᠡᠮᠵᠢ ᠨᠢ ᠵᠤᠬᠢᠶᠠᠭᠴᠢ ᠪᠤᠶᠤ ᠦᠭᠡᠷᠡᠴᠢᠯᠡᠨ ᠨᠠᠢᠷᠠᠭᠤᠯᠤᠭᠴᠢ ᠠᠴᠠ ᠳᠤᠷ᠎ᠠ ᠪᠠᠷ ᠢᠶᠠᠨ ᠵᠤᠬᠢᠶᠠᠭᠰᠠᠨ ᠵᠤᠢᠯ ᠪᠤᠰᠤ᠂ ᠬᠠᠷᠢᠨ 《ᠭᠠᠨᠵᠤᠤᠷ》 ᠲᠠᠬᠢ 《ᠬᠤᠳᠤᠭᠲᠤ ᠶᠡᠬᠡ ᠨᠢᠭᠦᠯᠡᠰᠦᠭᠴᠢ ᠴᠠᠭᠠᠨ ᠯᠢᠩᠬᠤᠤ᠎ᠠ ᠨᠡᠷᠡᠲᠦ ᠶᠡᠬᠡ ᠬᠦᠯᠭᠡᠨ ᠰᠤᠳᠤᠷ》 ᠤᠨ 《ᠬᠤᠷᠮᠤᠰᠲᠠ ᠲᠡᠭᠢᠷᠢ ᠶᠢᠨ ᠭᠤᠳᠠᠭᠠᠷ ᠪᠦᠯᠦᠭ》 ᠠᠴᠠ ᠦᠨᠳᠦᠰᠦ ᠡᠰᠢ ᠲᠡᠢ ᠦᠭᠦᠯᠡᠮᠵᠢ ᠮᠦᠨ ᠪᠤᠯᠬᠤ; ᠪᠡᠭᠡᠵᠢᠩ ᠪᠠᠷ ᠤᠨ 《ᠭᠡᠰᠡᠷ ᠦᠨ ᠲᠤᠭᠤᠵᠢ》 ᠳᠠᠬᠢ ᠪᠤᠷᠬᠠᠨ ᠤ ᠵᠠᠷᠯᠢᠭ ᠢ ᠴᠤ ᠮᠦᠨ ᠰᠤᠳᠤᠷ ᠲᠠᠬᠢ ᠪᠤᠷᠬᠠᠨ ᠤ ᠵᠠᠷᠯᠢᠭ ᠢ ᠦᠨᠳᠦᠰᠦᠯᠡᠨ ᠦᠭᠡᠷᠡᠴᠢᠯᠡᠨ ᠵᠤᠬᠢᠶᠠᠵᠤ ᠨᠠᠢᠷᠠᠭᠤᠯᠤᠭᠰᠠᠨ ᠪᠤᠯᠬᠤ; ᠪᠡᠭᠡᠵᠢᠩ ᠪᠠᠷ ᠤᠨ 《ᠭᠡᠰᠡᠷ ᠦᠨ ᠲᠤᠭᠤᠵᠢ》 ᠶᠢ ᠵᠤᠬᠢᠶᠠᠬᠤ ᠪᠤᠶᠤ ᠦᠭᠡᠷᠡᠴᠢᠯᠡᠨ ᠨᠠᠢᠷᠠᠭᠤᠯᠬᠤ ᠳᠠᠭᠠᠨ 《ᠭᠠᠨᠵᠤᠤᠷ》 ᠵᠡᠷᠭᠡ ᠪᠤᠷᠬᠠᠨ ᠱᠠᠰᠢᠨ ᠤ ᠶᠡᠬᠡ ᠬᠦᠯᠭᠡᠨ ᠰᠤᠳᠤᠷ ᠠᠴᠠ ᠡᠰᠢ ᠦᠨᠳᠦᠰᠦ ᠲᠡᠢ ᠵᠤᠬᠢᠶᠠᠬᠤ ᠪᠤᠶᠤ ᠦᠭᠡᠷᠡᠴᠢᠯᠡᠨ ᠨᠠᠢᠷᠠᠭᠤᠯᠬᠤ ᠪᠠᠷ ᠠᠷᠭ᠎ᠠ ᠵᠠᠷᠴᠢᠮ ᠪᠤᠯᠭᠠᠵᠤ ᠪᠠᠢᠭᠰᠠᠨ ᠪᠠᠢᠨ᠎ᠠ᠃
Original Literature View Original Paper
出自 中国蒙古学 2015年 第3期

联系我们


内蒙古大学图书馆
呼和浩特市大学西路235号
中国·内蒙古
P: (0471) 4992561
E: huangfeilong@imu.edu.cn