Title |
ᠠᠷᠠᠳ ᠤᠨ ᠰᠢᠯᠦᠭᠴᠢ ᠨᠠ᠂ ᠰᠠᠢ᠌ᠨᠴᠤᠭᠲᠤ ᠶᠢᠨ ᠠ ᠮᠣᠩᠭᠤᠯ ᠤᠷᠠᠨ ᠵᠤᠬᠢᠶᠠᠯ ᠤᠨ ᠬᠦᠭ᠍ᠵᠢᠯ ᠳᠦ ᠦᠵᠡᠭᠦᠯᠦᠭᠰᠡᠨ ᠵᠢᠳᠭᠦᠯ |
Creator |
ᠦ᠂ ᠱᠤᠭᠠᠷ᠎ᠠ |
Keyword |
ᠨᠠ᠂ ᠰᠠᠢ᠌ᠨᠴᠤᠭᠲᠤ; ᠮᠣᠩᠭᠤᠯ ᠤᠷᠠᠨ ᠵᠤᠬᠢᠶᠠᠯ; ᠭᠠᠪᠢᠶ᠎ᠠ ᠵᠢᠳᠭᠦᠯ |
Abstract |
ᠨᠠ᠂ ᠰᠠᠢ᠌ᠨᠴᠤᠭᠲᠤ ᠪᠤᠯ ᠮᠣᠩᠭᠤᠯ ᠦᠨᠳᠦᠰᠦᠲᠡᠨ ᠦ ᠣᠷᠴᠢᠨ ᠪᠠ ᠣᠳᠣ ᠦᠶ᠎ᠡ ᠶᠢᠨ ᠤᠷᠠᠨ ᠵᠤᠬᠢᠶᠠᠯ ᠤᠨ ᠦᠨᠳᠦᠰᠦᠯᠡᠭᠴᠢ᠂ ᠪᠢᠯᠢᠭᠲᠦ ᠠᠷᠠᠳ ᠤᠨ ᠰᠢᠯᠦᠭᠴᠢ ᠶᠤᠮ᠃ ᠲᠡᠭᠦᠨ ᠦ ᠵᠤᠬᠢᠶᠠᠯ ᠪᠦᠲᠦᠭᠡᠯ ᠢᠨᠦ ᠬᠤᠷᠢᠳᠤᠭᠠᠷ ᠵᠠᠭᠤᠨ ᠤ ᠮᠣᠩ᠋ᠭᠤᠯ ᠦᠨᠳᠦᠰᠦᠲᠡᠨ ᠦ ᠤᠷᠠᠨ ᠵᠤᠬᠢᠶᠠᠯ ᠤᠨ ᠴᠢᠬᠤᠯᠠ ᠪᠦᠷᠢᠯᠳᠦᠭᠦᠨ᠂ ᠲᠡᠭᠦᠨ ᠦ ᠰᠤᠳᠤᠯᠤᠯ ᠢᠨᠦ ᠬᠤᠷᠢᠳᠤᠭᠠᠷ ᠵᠠᠭᠤᠨ ᠤ ᠮᠣᠩ᠋ᠭᠤᠯ ᠤᠷᠠᠨ ᠵᠤᠬᠢᠶᠠᠯ ᠤᠨ ᠰᠤᠳᠤᠯᠤᠯ ᠤᠨ ᠦᠨᠳᠦᠰᠦᠨ ᠰᠡᠳᠦᠪ ᠦᠨ ᠨᠢᠭᠡ ᠪᠢᠯᠡ᠃ ᠡᠨᠡ ᠬᠦ ᠲᠠᠨᠢᠯᠲᠠ ᠶᠢᠨ ᠡᠭᠦᠳᠡᠨ ᠡᠴᠡ ᠨᠠ᠂ ᠰᠠᠢ᠌ᠨᠴᠤᠭᠲᠤ ᠶᠢᠨ ᠵᠤᠢᠶᠠᠯ ᠪᠦᠲᠦᠭᠡᠯ ᠢ ᠮᠣᠩ᠋ᠭᠤᠯ ᠤᠷᠠᠨ ᠵᠤᠬᠢᠶᠠᠯ ᠤᠨ ᠲᠡᠦᠬᠡᠨ ᠬᠦᠭ᠍ᠵᠢᠯ ᠡᠴᠡ ᠠᠵᠢᠭᠯᠠᠬᠤ ᠶᠢᠨ ᠬᠠᠮᠲᠤ ᠴᠠᠭ ᠡᠷᠢᠨ ᠦ ᠬᠠᠷᠠᠭᠠᠰᠤ ᠠᠴᠠ ᠰᠢᠨᠵᠢ᠂ ᠮᠣᠩ᠋ᠭᠤᠯ ᠤᠷᠠᠨ ᠵᠤᠬᠢᠶᠠᠯ ᠤᠨ ᠲᠡᠦᠬᠡᠨ ᠬᠦᠭ᠍ᠵᠢᠯ ᠳᠦ 《ᠰᠢᠨ᠎ᠡ ᠶᠠᠭᠤᠮ᠎ᠠ ᠶᠢ ᠬᠠᠩ᠋ᠭᠠᠨ ᠦᠭ᠍ᠭᠦᠭ᠍ᠰᠡᠨ ᠢᠶᠡᠷ ᠨᠢ ᠦᠨᠳᠦᠰᠦᠯᠡᠯ ᠪᠤᠯᠭᠠᠨ》᠄ (᠍1) ᠠᠬᠤᠢ᠌ᠴᠢ ᠦᠵᠡᠯ ᠦᠨ ᠬᠦᠭ᠍ᠵᠢᠭᠦᠯᠦᠯ ᠬᠢᠭᠡᠳ ᠠᠯᠭᠠᠰᠠᠷᠠᠨ ᠵᠤᠪᠠᠨᠢᠬᠤ ᠤᠬᠠᠮᠰᠠᠷ; (2) ᠣᠷᠴᠢᠨ ᠦᠶ᠎ᠡ ᠶᠢᠨ ᠤᠶᠠᠩ᠋ᠭ᠎ᠠ ᠰᠢᠯᠦᠭ ᠦᠨ ᠴᠤᠭᠴᠠᠯᠠᠯ; (3) ᠮᠣᠩ᠋ᠭᠤᠯ ᠤᠷᠠᠨ ᠵᠤᠬᠢᠶᠠᠯ ᠤᠨ ᠬᠡᠯᠪᠡᠷᠢ ᠲᠢᠭ᠌ ᠦᠨ ᠡᠭᠦᠳᠦᠯ ᠰᠢᠨᠡᠴᠢᠯᠡᠯ; (4)ᠣᠳᠣ ᠦᠶ᠎ᠡ ᠶᠢᠨ ᠰᠢᠨ᠎ᠡ ᠰᠢᠯᠦᠭ ᠦᠨ ᠵᠠᠮ ᠢ ᠨᠡᠭᠡᠭᠡ᠍ᠭ᠍ᠴᠢ ᠬᠡᠮᠡᠨ ᠰᠢᠰᠲ᠋ᠧᠮᠴᠢᠯᠡᠨ ᠳ᠋ᠦᠩᠨᠡᠪᠡ᠃ |
Original Literature |
View Original Paper
|
出自 |
内蒙古师范大学学报
2005年
第1期
|