Abstract |
ᠳᠡᠯᠡᠬᠡᠢ ᠶᠢᠨ ᠬᠦᠮᠦᠨ ᠦ ᠡᠷᠬᠡ ᠶᠢ ᠬᠠᠮᠠᠭᠠᠯᠠᠬᠤ ᠤᠷᠤᠰᠬᠠᠯ ᠤᠨ ᠨᠦᠯᠦᠭᠡᠨ ᠳᠤᠤᠷ᠎ᠠ᠂ ᠮᠠᠨ ᠤ ᠤᠯᠤᠰ ᠤᠨ ᠬᠠᠤᠯᠢ ᠴᠠᠭᠠᠵᠠ ᠶᠢᠨ ᠬᠦᠭ᠍ᠵᠢᠯᠲᠡ ᠶᠢᠨ ᠪᠤᠳᠠᠲᠤ ᠪᠠᠢ᠋ᠳᠠᠯ ᠠᠴᠠ ᠡᠭᠦᠰᠴᠦ᠂ 1996 ᠣᠨ ᠳᠤ ᠵᠠᠰᠠᠪᠤᠷᠢ ᠣᠷᠤᠭᠤᠯᠤᠭᠰᠠᠨ 《ᠡᠷᠡᠭᠦᠦ ᠶᠢᠨ ᠵᠠᠷᠭᠤ ᠶᠢᠨ ᠬᠠᠤᠯᠢ》ᠨᠢ ᠡᠷᠡᠭᠦᠦ ᠶᠢᠨ ᠬᠡᠷᠡᠭ ᠦᠨ ᠬᠤᠤᠷ ᠠᠮᠰᠠᠭᠴᠢ ᠶᠢᠨ ᠵᠠᠷᠭᠤ ᠶᠢᠨ ᠪᠠᠢ᠌ᠷᠢ ᠰᠠᠭᠤᠷᠢ ᠪᠠ ᠵᠠᠷᠭᠤ ᠶᠢᠨ ᠡᠷᠬᠡ ᠶᠢ ᠦᠷᠭᠡᠳᠭᠡᠨ ᠲᠡᠭᠦᠯᠳᠡᠷᠵᠢᠭᠦᠯᠵᠦ᠂ ᠡᠷᠡᠭᠦᠦ ᠶᠢᠨ ᠵᠠᠷᠭᠤ ᠶᠢᠨ ᠲᠤᠬᠠᠢ ᠶᠢᠨ ᠬᠦᠮᠦᠨ ᠦ ᠪᠠᠢ᠌ᠷᠢ ᠰᠠᠭᠤᠷᠢ ᠶᠢ ᠣᠯᠭᠤᠬᠤ ᠶᠢᠨ ᠬᠠᠮᠲᠤ᠂ ᠵᠠᠷᠭᠤ ᠶᠢᠨ ᠣᠷᠤᠯᠠᠭᠴᠢ ᠨᠠᠢ᠌ᠳᠠᠬᠤ᠂ ᠬᠤᠪᠢ ᠶᠢᠨ ᠵᠠᠭᠠᠯᠳᠤᠯᠭ᠎ᠠ ᠭᠠᠷᠭᠠᠬᠤ᠂ ᠡᠰᠡᠷᠭᠦᠴᠡᠨ ᠵᠠᠭᠠᠯᠳᠤᠬᠤ ᠪᠠᠷ ᠭᠤᠶᠤᠴᠢᠯᠠᠬᠤ᠂ ᠳᠠᠭᠠᠯᠳᠤᠭᠰᠠᠨ ᠢᠷᠭᠡᠨ ᠦ ᠵᠠᠷᠭᠤ ᠳᠤᠷᠠᠳᠬᠤ ᠭᠡᠬᠦ ᠮᠡᠲᠦ ᠶᠢᠨ ᠵᠠᠷᠭᠤ ᠶᠢᠨ ᠡᠷᠬᠡ ᠶᠢ ᠣᠯᠭᠤᠭᠰᠠᠨ ᠪᠠᠢ᠌ᠨ᠎ᠠ᠃ |