Paper Information


Title 《ᠢᠷᠦᠭᠡᠯ ᠦᠨ ᠬᠠᠭᠠᠨ》 ᠤ ᠠᠷᠪᠠᠨ ᠶᠡᠬᠡ ᠢᠷᠦᠭᠡᠯ ᠦᠨ ᠲᠤᠬᠠᠢ
Creator ᠬᠠᠰᠴᠢᠯᠠᠭᠤ
Keyword 《ᠢᠷᠦᠭᠡᠯ ᠦᠨ ᠬᠠᠭᠠᠨ》; 《ᠫᠠᠯᠴᠢᠨ》 ᠰᠤᠳᠤᠷ; ᠬᠦᠨᠳᠦᠰᠡᠩᠪᠤ ᠪᠤᠳᠢᠰᠳ᠋ᠤ᠎ᠠ; ᠠᠷᠪᠠᠨ ᠶᠡᠬᠡ ᠢᠷᠦᠭᠡᠯ; ᠪᠤᠳ᠋ᠳ᠋ᠾᠠ ᠶᠢᠨ ᠱᠠᠰᠢᠨ
Abstract 《ᠢᠷᠦᠭᠡᠯ ᠦᠨ ᠬᠠᠭᠠᠨ》 ᠪᠤᠯ 《ᠫᠠᠯᠴᠢᠨ》 ᠰᠤᠳᠤᠷ ᠤᠨ ᠬᠠᠮᠤᠭ ᠰᠡᠭᠦᠯᠴᠢ ᠶᠢᠨ ᠨᠢᠭᠡ ᠪᠤᠳᠢ ᠪᠤᠯᠤᠨ᠎ᠠ᠃ ᠲᠤᠰ ᠪᠤᠳᠢ ᠳᠤ ᠬᠦᠨᠳᠦᠰᠡᠩᠪᠤ ᠪᠤᠳᠢᠰᠡᠳ᠋ᠤ᠎ᠠ ᠠᠴᠠ ᠪᠤᠳᠢᠰᠡᠳ᠋ᠤ᠎ᠠ ᠨᠠᠷ ᠲᠤ ᠠᠷᠪᠠᠨ ᠶᠡᠬᠡ ᠢᠷᠦᠭᠡᠯ ᠦᠨ ᠲᠤᠬᠠᠢ ᠶᠠᠷᠢᠭᠰᠠᠨ ᠪᠠᠢᠨ᠎ᠠ᠄ ᠨᠢᠭᠡ ᠳᠦ ᠬᠠᠮᠤᠭ ᠪᠤᠷᠬᠠᠨ ᠪᠠᠭᠰᠢ ᠨᠠᠷ ᠲᠤ ᠰᠦᠰᠦᠭᠯᠡᠨ ᠮᠦᠷᠭᠦᠬᠦ᠂ ᠬᠤᠶᠠᠷ ᠲᠤ ᠪᠤᠷᠬᠠᠨ ᠨᠤᠭᠤᠳ ᠢ ᠰᠠᠢᠰᠢᠶᠠᠨ ᠮᠠᠭᠲᠠᠬᠤ᠂ ᠭᠤᠷᠪᠠ ᠳᠤ ᠢᠯᠠᠭᠤᠭᠰᠠᠨ ᠪᠦᠬᠦᠳᠡ ᠶᠢ ᠮᠦᠷᠭᠦᠯ ᠢᠶᠡᠷ ᠲᠠᠬᠢᠬᠤ᠂ ᠳᠦᠷᠪᠡ ᠳᠦ ᠬᠢᠯᠢᠨᠴᠡ ᠶᠢ ᠦᠢᠯᠡᠳᠦᠭᠰᠡᠨ ᠢᠶᠡᠨ ᠨᠠᠮᠠᠨᠴᠢᠯᠠᠨ ᠦᠴᠢᠬᠦ᠂ ᠲᠠᠪᠤ ᠳᠤ ᠬᠠᠮᠤᠭ ᠠᠮᠢᠲᠠᠨ ᠤ ᠪᠤᠶᠠᠨ ᠳᠤᠷ ᠪᠠᠶᠠᠰᠤᠯᠴᠠᠨ ᠳᠠᠭᠠᠬᠤ᠂ ᠵᠢᠷᠭᠤᠭ᠎ᠠ ᠳᠤ ᠨᠤᠮ ᠤᠨ ᠬᠦᠷᠲᠦ ᠳᠤᠷᠠᠳᠬᠠᠵᠤ ᠭᠤᠶᠤᠬᠤ᠂ ᠳᠤᠯᠤᠭ᠎ᠠ ᠳᠤ ᠪᠤᠷᠬᠠᠨ ᠪᠠᠭᠰᠢ ᠦᠨᠢᠳᠡ ᠬᠤᠷᠤ᠎ᠠ ᠳᠤ ᠰᠠᠭᠤᠬᠤ ᠶᠢ ᠬᠦᠰᠡᠬᠦ᠂ ᠨᠠᠢᠮ ᠳᠤ ᠢᠯᠠᠭᠤᠭᠰᠠᠨ ᠪᠦᠬᠦᠳᠡ ᠶᠢ ᠵᠢᠷᠦᠮᠯᠡᠵᠦ ᠰᠤᠷᠤᠯᠴᠠᠬᠤ᠂ ᠶᠢᠰᠦ ᠳᠦ ᠬᠠᠮᠤᠭ ᠠᠮᠢᠲᠠᠨ ᠤ ᠶᠠᠪᠤᠳᠠᠯ ᠳᠤᠷ ᠵᠤᠬᠢᠯᠳᠤᠨ ᠣᠷᠤᠬᠤ᠂ ᠠᠷᠪᠠ ᠳᠤ ᠬᠢᠵᠠᠭᠠᠷ ᠦᠭᠡᠢ ᠠᠮᠢᠲᠠᠨ ᠢ ᠲᠤᠰᠠᠯᠠᠬᠤ᠃ ᠡᠳᠡᠭᠡᠷ ᠠᠷᠪᠠᠨ ᠶᠡᠬᠡ ᠢᠷᠦᠭᠡᠯ ᠦᠨ ᠳᠤᠲᠤᠷ᠎ᠠ 《ᠢᠯᠠᠭᠤᠭᠰᠠᠨ ᠪᠦᠬᠦᠳᠡ ᠶᠢ ᠵᠢᠷᠦᠮᠯᠡᠵᠦ ᠰᠤᠷᠤᠯᠴᠠᠬᠤ》 ᠪᠠ 《ᠬᠠᠮᠤᠭ ᠠᠮᠢᠲᠠᠨ ᠤ ᠶᠠᠪᠤᠳᠠᠯ ᠳᠤᠷ ᠵᠤᠬᠢᠯᠳᠤᠨ ᠣᠷᠤᠬᠤ》 ᠬᠤᠶᠠᠷ ᠢᠷᠦᠭᠡᠯ ᠨᠢ ᠭᠤᠤᠯᠳᠠᠯᠭ᠎ᠠ ᠪᠤᠯᠬᠤ ᠪᠦᠭᠡᠳ ᠠᠷᠪᠠᠨ ᠶᠡᠬᠡ ᠢᠷᠦᠭᠡᠯ ᠦᠨ ᠪᠦᠬᠦᠢᠯᠡ ᠠᠭᠤᠯᠭ᠎ᠠ ᠨᠢ ᠪᠦᠷ ᠡᠨᠡ ᠬᠦ ᠬᠤᠶᠠᠷ ᠢᠷᠦᠭᠡᠯ ᠳᠦ ᠦᠢᠯᠡᠴᠢᠯᠡᠵᠦ᠂ 《ᠬᠠᠮᠤᠭ ᠠᠮᠢᠲᠠᠨ ᠤ ᠶᠠᠪᠤᠳᠠᠯ ᠳᠤᠷ ᠵᠤᠬᠢᠯᠳᠤᠨ ᠣᠷᠤᠬᠤ》 ᠭᠡᠬᠦ ᠢᠷᠦᠭᠡᠯ ᠨᠢ ᠭᠤᠤᠯᠳᠠᠯᠭ᠎ᠠ ᠶᠢᠨ ᠳᠤᠲᠤᠷᠠᠬᠢ ᠭᠤᠤᠯᠳᠠᠯᠭ᠎ᠠ ᠪᠤᠯᠤᠨ᠎ᠠ᠃
Original Literature No Original Paper
出自 内蒙古民族大学学报(社会科学) 2003年 第2期

联系我们


内蒙古大学图书馆
呼和浩特市大学西路235号
中国·内蒙古
P: (0471) 4992561
E: huangfeilong@imu.edu.cn