Abstract |
《ᠭᠡᠰᠡᠷ ᠤᠨ ᠲᠤᠭᠤᠵᠢ》᠋ ᠶᠢᠨ ᠦᠯᠢᠭᠡᠷ ᠡᠴᠡ ᠡᠬᠦᠰᠤᠯ ᠲᠠᠢ ᠠᠮᠠᠨ ᠦᠯᠢᠭᠡᠷ ᠡᠴᠨ《ᠱᠠᠩᠰᠢ ᠮᠤᠳᠤ ᠤᠷᠭᠤᠭ᠎ᠠ ᠦᠬᠡᠢ ᠪᠤᠯ ᠱᠠᠭᠠᠵᠠᠭᠠᠢ ᠬᠠᠮᠢᠭ᠎ᠠ ᠰᠠᠭᠤᠬᠤ ᠪᠤᠢ》᠂《ᠤᠪᠤᠭ᠎ᠠ ᠪᠤᠰᠭᠠᠭᠠ ᠦᠬᠡᠢ ᠪᠤᠯ ᠱᠠᠭᠠᠵᠠᠭᠠᠢ ᠬᠠᠮᠢᠭ᠎ᠠ ᠰᠠᠭᠤᠬᠤ ᠪᠤᠢ》᠂《ᠦᠨᠡᠷᠭᠡᠭ᠍ᠰᠡᠨ ᠭᠡᠷᠢᠶ᠎ᠠ ᠦᠨᠡᠰᠤᠨ ᠲᠡᠭᠡᠷ᠎ᠡ》᠂《ᠭᠡᠷ ᠶᠢᠡᠨ ᠮᠡᠷᠳᠠᠭᠰᠠᠨ ᠬᠡᠰᠡᠷ》 ᠭᠡᠬᠦ ᠮᠡᠳᠤ ᠶᠢᠨ ᠯᠤᠷᠵᠤᠤ ᠦᠭᠡ ᠡᠬᠦᠰᠤᠨ᠂ ᠠᠷᠠᠳ ᠤᠨ ᠠᠮᠠᠨ ᠶᠠᠷᠢᠶ᠎ᠠ ᠪᠤᠶᠤ ᠪᠢᠴᠢᠭ᠌ ᠤᠨ ᠬᠡᠯᠡᠨ ᠳᠤ ᠤᠳᠠᠭᠠᠨ ᠬᠡᠷᠡᠭᠯᠡᠭᠳᠡᠭᠰᠡᠭᠡᠷ ᠪᠤᠢ᠃《 ᠬᠡᠰᠡᠷ ᠤᠨ ᠲᠤᠭᠤᠵᠢ》᠋ ᠶᠢᠨ ᠦᠯᠢᠭᠡᠷ ᠨᠢ ᠤᠩᠰᠢᠭᠴᠢ ᠰᠤᠨᠤᠰᠤᠭᠴᠢᠳ ᠤᠨ ᠲᠤᠮᠳᠠ ᠦᠷᠭᠡᠨ ᠲᠠᠯᠭᠡᠷᠡᠵᠦ ᠦᠯᠢᠭᠡᠷ ᠤᠳ ᠤᠨ ᠠᠮᠠᠨ ᠬᠤᠪᠢᠯᠪᠤᠷᠢ ᠨᠤᠭᠤᠳ ᠡᠬᠦᠰᠤᠨ ᠲᠡᠯᠭᠡᠷᠡᠵᠦ᠂ ᠡᠳᠡᠭᠡᠷ ᠯᠤᠷᠵᠤᠤ ᠦᠭᠡ ᠨᠢ ᠠᠷᠠᠳ ᠤᠨ ᠠᠮᠢᠳᠤ ᠶᠠᠷᠢᠶᠠᠨ ᠳᠤ ᠰᠢᠩᠭᠡᠨ ᠨᠡᠪᠴᠢᠵᠦ᠂ ᠢᠯᠡᠳᠭᠡᠨ ᠲᠦᠷᠰᠦᠯᠡᠬᠦ᠂ ᠤᠷᠠᠯᠠᠨ ᠵᠤᠢ᠋ᠷᠯᠡᠬᠦ ᠤᠷ᠎ᠡ ᠴᠢᠳᠠᠪᠤᠷᠢ ᠵᠢ ᠨᠢ ᠲᠡᠭᠡᠭ᠍ᠰᠢᠯᠡᠬᠦᠯᠦᠭᠰᠡᠭᠡᠷ ᠢᠷᠡᠵᠡᠢ᠃ |