Title |
ᠮᠣᠩᠭ᠋ᠤᠯᠴᠤᠳ ᠤᠨ ᠠᠢᠢᠷᠠᠭ ᠬᠦᠷᠦᠩᠭᠡᠯᠡᠬᠦ ᠶᠣᠰᠤᠨ ᠤ ᠲᠣᠬᠠᠢ ᠦᠭᠦᠯᠡᠬᠦ ᠨᠢ |
Creator |
ᠪᠠᠢ ᠭᠠᠩ; ᠲᠣᠭᠤᠰ |
Keyword |
ᠴᠠᠭᠠᠨ ᠢᠳᠡᠭᠡᠨ ᠤ ᠡᠬᠡ ᠬᠦᠷᠦᠩᠭᠡ; ᠲᠡᠯᠡᠬᠡᠢ ᠶᠢᠨ ᠲᠠᠩᠰᠤᠭ ᠤᠮᠳᠠᠭ᠎ᠠ; ᠰᠢᠮ ᠡ ᠲᠡᠵᠢᠭᠡᠯ ᠤᠨ ᠣᠬᠢ |
Abstract |
ᠮᠣᠩᠭ᠋ᠤᠯᠴᠤᠳ ᠠᠢᠢᠷᠠᠭ ᠢᠢᠡᠷ ᠣᠯᠠᠨ ᠵᠦᠢᠯ ᠤᠨ ᠴᠠᠭᠠᠨ ᠢᠳᠡᠭᠡᠨ ᠤᠮᠳᠠᠭᠠᠨ ᠢ ᠪᠣᠯᠪᠠᠰᠤᠷᠠᠭᠤᠯᠤᠨ ᠦᠢᠯᠡᠳᠪᠦᠷᠢᠯᠡᠵᠦ᠂ ᠦᠨᠢᠷ ᠪᠠᠶᠠᠯᠢᠭ ᠠᠢᠢᠷᠠᠭ ᠤᠨ ᠰᠣᠶᠣᠯ ᠢ ᠡᠭᠦᠳᠦᠨ ᠪᠦᠲᠦᠭᠡᠵᠡᠢ᠃ ᠮᠣᠩᠭ᠋ᠤᠯᠴᠤᠳ ᠤᠨ ᠠᠮᠢᠳᠤᠷᠠᠯ ᠳᠤ ᠠᠢᠢᠷᠠᠭ ᠪᠣᠯ ᠲᠤᠲᠠᠭᠳᠠᠵᠤ ᠪᠣᠯᠤᠰᠢ ᠦᠭᠡᠢ ᠢᠳᠡᠭᠡᠨ ᠤᠮᠳᠠᠭᠠᠨ ᠤ ᠲᠡᠭᠡᠵᠢ ᠨᠢ ᠪᠣᠯᠬᠤ ᠶᠣᠮ᠃ ᠣᠯᠠᠩᠬᠢ ᠴᠠᠭᠠᠨ ᠢᠳᠡᠭᠡᠨ ᠢ ᠴᠦᠮ ᠠᠢᠢᠷᠠᠭ ᠢᠢᠡᠷ ᠪᠣᠯᠪᠠᠰᠤᠷᠠᠭᠤᠯᠤᠨ ᠭᠠᠷᠭᠠᠳᠠᠭ᠃ ᠠᠢᠢᠷᠠᠭ ᠭᠦᠷᠦᠩᠭᠡᠯᠡᠬᠦ ᠶᠠᠪᠤᠴᠠ ᠨᠢ ᠲᠣᠭᠲᠠᠭᠰᠠᠨ ᠡᠮᠬᠢ ᠲᠠᠷᠠᠭᠠᠯᠠᠯ ᠲᠠᠢ ᠮᠦᠷᠲᠡᠭᠡᠨ ᠠᠢᠢᠷᠠᠭ ᠬᠦᠷᠦᠩᠭᠡᠯᠡᠨ ᠤᠨᠳᠤᠷᠤᠭᠤᠯᠬᠤ ᠪᠠ ᠪᠦᠯᠢᠵᠦ ᠢᠳᠡᠭᠡᠨᠰᠢᠭᠦᠯᠬᠦ ᠶᠠᠪᠤᠴᠠ ᠨᠢ ᠨᠤᠲᠤᠭ ᠨᠤᠲᠤᠭ ᠲᠤ ᠲᠤᠰ ᠲᠤᠰ ᠤᠨ ᠠᠷᠭ᠎ᠠ ᠠᠪᠳᠠᠯ ᠪᠠ ᠲᠤᠰᠬᠠᠢ ᠨᠡᠷᠡᠢᠢᠳᠦᠯ ᠲᠠᠢ ᠪᠠᠢᠢᠳᠠᠭ᠃ ᠡᠨᠳᠡ ᠪᠢᠳᠡ ᠡᠷᠳᠡᠮ ᠰᠢᠨᠵᠢᠯᠡᠭᠡᠨ ᠤ ᠡᠭᠦᠳᠡᠨ ᠡᠴᠡ ᠠᠢᠢᠷᠠᠭ ᠤᠨ ᠲᠡᠦᠬᠡᠨ ᠰᠤᠷᠠᠭ᠂ ᠭᠦᠷᠦᠨᠭᠡᠯᠡᠨ ᠤᠨᠳᠤᠷᠤᠭᠤᠯᠬᠤ ᠶᠣᠰᠤ᠂ ᠪᠦᠯᠢᠵᠦ ᠢᠳᠡᠭᠡᠨᠰᠢᠭᠦᠯᠬᠦ ᠶᠠᠪᠤᠴᠠ᠂ ᠦᠨ᠎ᠡ ᠦᠷᠲᠡᠭ ᠤᠨ ᠲᠣᠭᠠᠴᠠᠭ᠎ᠠ᠂ ᠰᠢᠮ ᠡ ᠲᠡᠵᠢᠭᠡᠯ ᠦᠷ ᠡ ᠠᠰᠢᠭ ᠵᠡᠷᠭᠡ ᠬᠡᠳᠦᠨ ᠲᠠᠯ ᠠ ᠡᠴᠡ ᠪᠣᠲᠠᠲᠠᠢ ᠪᠡᠷ ᠵᠠᠳᠠᠯᠤᠨ ᠰᠢᠨᠵᠢᠯᠡᠬᠦ ᠪᠣᠯᠤᠨ᠎ᠠ᠃ |
Original Literature |
View Original Paper
|
出自 |
中国蒙古学
2011年
第6期
|