Paper Information


Title ᠴᠢᠩᠭᠢᠰ ᠬᠠᠭᠠᠨ ᠤ ᠰᠦᠮ᠎ᠡ ᠶᠢ ᠬᠡᠴᠢᠶᠡᠩ᠋ᠭᠦᠢ᠌ᠯᠡᠨ ᠪᠠᠢ᠌ᠭᠤᠯᠤᠭᠰᠠᠨ ᠰᠢᠯᠲᠠᠭᠠᠨ ᠪᠠ ᠵᠤᠷᠢᠯᠭ᠎ᠠ
Creator ᠰᠡᠴᠡᠨᠪᠠᠲᠤ
Keyword ᠴᠢᠩᠭᠢᠰ ᠬᠠᠭᠠᠨ ᠤ ᠰᠦᠮ᠎ᠡ; ᠦᠨᠳᠦᠰᠦᠲᠡᠨ ᠦ ᠰᠡᠳᠬᠢᠯᠭᠡ; 《ᠬᠦᠬᠡ ᠲᠤᠭ》ᠰᠤᠨᠢᠨ
Abstract ᠴᠢᠩ᠋ᠭᠢᠰ ᠬᠠᠭᠠᠨ ᠤ ᠰᠦᠮ᠎ᠡ ᠶᠢ ᠪᠠᠢ᠌ᠭᠤᠯᠬᠤ ᠪᠦᠬᠦᠢ ᠶᠠᠪᠤᠴᠠ ᠪᠠ ᠴᠤᠭᠴᠠᠯᠠᠨ ᠪᠠᠢ᠌ᠭᠤᠯᠤᠭᠰᠠᠨ ᠶᠤᠰᠤᠯᠠᠯ ᠪᠤᠶᠤ ᠲᠦᠷ ᠴᠠᠭ ᠤᠨ ᠲᠠᠬᠢᠯᠭ᠎ᠠ ᠶᠠᠪᠤᠭᠤᠯᠤᠭᠰᠠᠨ ᠪᠠᠢ᠌ᠳᠠᠯ ᠠᠴᠠ ᠲᠡᠭᠦᠨ ᠦ ᠵᠤᠷᠢᠯᠲᠠ ᠶᠢ ᠦᠵᠡᠨ ᠬᠠᠷᠠᠵᠤ ᠪᠤᠯᠤᠨ᠎ᠠ᠃ ᠴᠢᠩᠭᠢᠰ ᠬᠠᠭᠠᠨ ᠤ ᠰᠦᠮ᠎ᠡ ᠶᠢ ᠴᠤᠭᠴᠠᠯᠠᠨ ᠪᠠᠢ᠌ᠭᠤᠯᠤᠭᠰᠠᠨ ᠵᠤᠷᠢᠯᠲᠠ ᠨᠢ 《ᠯᠠᠮᠠ ᠶᠢᠨ ᠱᠠᠰᠢᠨ ᠢ ᠮᠠᠨᠳᠤᠭᠤᠯᠬᠤ ᠳᠤ ᠲᠤᠰᠠ ᠦᠵᠡᠭᠦᠯᠬᠦ》ᠭᠡᠰᠡᠨ ᠶᠠᠪᠤᠳᠠᠯ ᠪᠢᠰᠢ ᠮᠦᠷᠲᠡᠭᠡᠨ 《ᠮᠣᠩ᠋᠋ᠭᠤᠯᠴᠤᠳ ᠠᠴᠠ ᠶᠠᠫᠤᠨ ᠤ ᠲᠦᠷᠢᠮᠡᠭᠡᠢ᠌ᠯᠡᠯ ᠢ ᠡᠰᠡᠷᠭᠦᠴᠡᠭᠰᠡᠨ ᠦᠢᠯᠡ ᠠᠵᠢᠯᠯᠠᠭ᠎ᠠ》ᠴᠤ ᠪᠢᠰᠢ ᠶᠤᠮ᠃ ᠬᠠᠷᠢᠨ ᠲᠤᠬᠠᠢ ᠶᠢᠨ ᠦᠶ᠎ᠡ ᠶᠢᠨ ᠬᠢᠩ᠋ᠭᠠᠨ ᠬᠡᠳᠦᠨ ᠮᠤᠵᠢ ᠶᠢᠨ ᠰᠡᠭᠡᠭᠡᠷᠡᠭᠰᠡᠨ ᠮᠣᠩ᠋ᠭᠤᠯ ᠲᠤᠰᠢᠶᠠᠯᠲᠠᠳ ᠠᠴᠠ ᠡᠭᠦᠰᠭᠡᠨ ᠰᠡᠳᠦᠵᠦ᠂ 《ᠪᠦᠬᠦ ᠮᠣᠩ᠋ᠭᠤᠯ ᠤᠨ ᠴᠤᠭ ᠵᠢᠪᠬᠤᠯᠠᠩ ᠢ ᠮᠠᠨᠳᠤᠭᠤᠯᠵᠤ᠂ ᠮᠣᠩ᠋ᠭᠤᠯ ᠤᠭᠰᠠᠭᠠᠲᠠᠨ ᠢ ᠪᠤᠰᠤ ᠤᠭᠰᠠᠭᠠᠲᠠᠨ ᠲᠠᠢ ᠮᠦᠷᠦ ᠵᠡᠷᠭᠡᠴᠡᠨ ᠶᠠᠪᠤᠬᠤ》᠋ ᠶᠢᠨ ᠲᠦᠯᠦᠭᠡ᠂ ᠪᠦᠬᠦ ᠮᠣᠩ᠋ᠭᠤᠯ ᠳᠤ ᠪᠤᠭᠲᠠ ᠴᠢᠩᠭᠢᠰ ᠤᠨ ᠳᠤᠯᠤᠭᠠᠨ ᠵᠠᠭᠤᠨ ᠵᠢᠯ ᠤᠨ ᠡᠮᠦᠨ᠎ᠡ ᠳᠡᠯᠡᠬᠡᠢ ᠳᠠᠬᠢᠨ ᠢ ᠲᠤᠩ᠋ᠰᠤᠯᠭᠠᠵᠤ ᠪᠠᠢ᠌ᠭᠰᠠᠨ ᠠᠯᠳᠠᠷ ᠭᠠᠪᠢᠶ᠎ᠠ ᠶᠢ ᠳᠤᠷᠠᠳᠬᠠᠨ ᠡᠷᠭᠢᠴᠡᠭᠦᠯᠵᠦ᠂ ᠪᠠᠭᠠᠲᠤᠷ ᠰᠦᠷ ᠢ ᠳᠠᠬᠢᠨ ᠮᠠᠨᠳᠤᠭᠤᠯᠬᠤ ᠪᠤᠶᠤ ᠮᠣᠩ᠋ᠭᠤᠯ ᠤᠭᠰᠠᠭᠠᠲᠠᠨ ᠢᠶᠠᠨ ᠰᠤᠬᠤᠷ ᠪᠠᠯᠠᠢ ᠰᠤᠭᠲᠤᠭᠤ ᠬᠦᠯᠢᠴᠦᠦ᠂ ᠠᠯᠵᠠᠭᠤ ᠵᠠᠯᠬᠠᠭᠤ ᠠᠷᠲᠠᠭ ᠲᠠᠩ᠋ᠬᠠᠢ ᠭᠡᠮ ᠢᠶᠡᠨ ᠭᠤᠯᠤᠵᠤ᠂ ᠤᠭᠰᠠᠭᠠᠲᠠᠨ ᠤ ᠢᠷᠡᠭᠡᠳᠦᠢ ᠳᠦ ᠢᠲᠡᠭᠡᠯ ᠠᠯᠳᠠᠵᠤ ᠦᠭᠦᠰᠢᠷᠡᠨ ᠰᠠᠭᠤᠭ᠎ᠠ ᠬᠦᠮᠦᠰ ᠦᠨ ᠡᠷᠴᠢ ᠵᠤᠷᠢᠭ ᠢ ᠨᠢ ᠬᠦᠪᠴᠢᠯᠡᠬᠦ ᠶᠢᠨ ᠲᠦᠯᠦᠭᠡ ᠪᠠᠢ᠌ᠪᠠ᠃
Original Literature View Original Paper
出自 中国蒙古学 2013年 第1期

联系我们


内蒙古大学图书馆
呼和浩特市大学西路235号
中国·内蒙古
P: (0471) 4992561
E: huangfeilong@imu.edu.cn