Title |
ᠴᠢᠩ ᠤᠯᠤᠰ ᠤᠨ ᠰᠡᠭᠦᠯᠴᠢ ᠦᠶ ᠡ ᠶᠢᠨ ᠮᠣᠩᠭᠣᠯ ᠦᠨᠳᠦᠰᠦᠳᠡᠨ ᠦ ᠤᠷᠠᠨ ᠪᠢᠴᠢᠯᠬᠡᠳᠡᠨ ᠤᠷᠠᠨ ᠵᠢᠷᠤᠭᠴᠢᠨ ᠰᠦᠩ ᠨᠢᠶᠠᠨ ᠦ ᠤᠷᠠᠨ ᠵᠢᠷᠤᠭ ᠤᠨ ᠭᠤᠦ ᠠ ᠰᠠᠢ᠌ᠬᠠᠨ᠋᠋ ᠦ ᠦᠵᠡᠯ ᠰᠠᠨᠠᠭ᠎ᠠ ᠶᠢ ᠦᠭᠦᠯᠡᠬᠦ ᠨᠢ |
Creator |
ᠵᠢᠩ ᠵᠢᠶᠠᠨ ᠱᠸ |
Keyword |
ᠦᠪᠡᠷ ᠪᠢ ᠪᠠᠢ᠌ᠬᠤ; ᠲᠠᠭᠤᠷᠢᠶᠠᠨ ᠬᠠᠭᠠᠯᠪᠤᠷᠢᠯᠠᠬᠤ; ᠪᠢᠷ ᠬᠡᠷᠡᠭᠯᠡᠬᠦ; ᠪᠡᠬᠡ ᠨᠠᠢᠷᠠᠭᠤᠯᠬᠤ; ᠤᠰᠤ ᠬᠡᠷᠡᠭᠯᠡᠬᠦ; ᠤᠰᠠᠳᠷᠳᠤᠬᠤ ᠠᠷᠭ᠎ᠠ |
Abstract |
ᠴᠢᠩ ᠤᠯᠤᠰ ᠤᠨ ᠦᠶ ᠡ ᠪᠤᠯ ᠤᠯᠠᠨ ᠦᠨᠳᠦᠰᠦᠳᠡᠨ ᠨᠤᠭᠦᠳ ᠤᠨ ᠰᠤᠶᠤᠯ ᠤᠨ ᠲᠠᠯ ᠠ ᠪᠠᠷ ᠶᠡᠬᠡᠪᠡᠷ ᠠᠭᠤᠰᠬᠤᠨ ᠨᠡᠢᠯᠡᠯᠳᠤᠵᠤ ᠡᠯ ᠠ ᠦᠨᠳᠦᠰᠦᠳᠡᠨ ᠦ ᠤᠷᠠᠨ ᠵᠤᠬᠢᠶᠠᠯ ᠪᠠᠲᠠᠷᠠᠨ ᠭᠦᠭ᠍ᠵᠢᠭᠰᠡᠨ ᠴᠠᠭ ᠦᠶ ᠡ ᠦᠷᠳᠡᠭᠡᠨ ᠪᠠᠰᠠ ᠴᠣ ᠳᠤᠮᠳᠠᠳᠤ ᠤᠯᠤᠰ ᠤᠨ ᠤᠷᠠᠨ ᠵᠤᠬᠢᠶᠠᠯ ᠤᠨ ᠳᠡᠦᠬᠡ ᠶᠢᠨ ᠬᠦᠭ᠍ᠵᠢᠯᠳᠡ ᠤᠯᠠᠨ ᠡᠰᠢᠵᠢᠵᠦ᠂ ᠤᠷᠠᠨ ᠵᠤᠬᠢᠶᠠᠯ ᠤᠨ ᠤᠷᠤᠰᠬᠠᠯ ᠪᠦᠯᠦᠭ ᠴᠡᠴᠡᠭᠯᠡᠨ ᠬᠦᠭ᠍ᠵᠢᠭᠰᠡᠨ ᠴᠠᠭ ᠦᠶ ᠡ ᠪᠤᠯᠤᠨ᠎ᠠ᠂ 《ᠢ ᠶᠤᠣᠠᠨ ᠦ ᠵᠢᠷᠤᠭ ᠦᠭᠦᠯᠡᠬᠦᠢ》ᠬᠢᠭᠡᠳ 《ᠱᠢ ᠲᠤᠤ ᠶᠢᠨ ᠵᠢᠷᠤᠭ ᠤᠨ ᠲᠤᠬᠠᠢ ᠦᠬᠡᠰ ᠤᠨ ᠳᠡᠭᠦᠪᠦᠷᠢ》ᠬᠡᠭᠦ ᠬᠤᠶᠠᠷ ᠵᠢᠷᠤᠭ ᠤᠨ ᠰᠢᠭᠦᠮᠵᠢ ᠳᠤ ᠲᠤᠰ ᠲᠤᠰ ᠤᠨ ᠤᠨᠴᠠᠯᠢᠭ ᠲᠠᠢ ᠪᠦᠭᠡᠳ ᠪᠦᠷ ᠦᠪᠡᠷ ᠤᠨ ᠦᠪᠡᠷᠮᠢᠴᠡ ᠤᠨᠴᠠᠯᠢᠭ ᠲᠠᠢ ᠪᠠᠢ᠌ᠳᠠᠭ᠂ ᠰᠦᠩ ᠨᠢᠶᠠᠨ ᠦᠭᠦᠯᠡᠯᠳᠡ ᠪᠡᠨ ᠪᠦᠷ ᠵᠢᠷᠤᠭ ᠵᠢᠷᠤᠭᠰᠠᠨ ᠬᠠᠳᠠᠭᠤ ᠰᠢᠷᠭᠠᠬᠤ ᠦᠢᠯᠡᠳᠦᠯᠬᠡ ᠶᠢᠨ ᠲᠤᠮᠲᠠ ᠡᠴᠡ ᠪᠡᠨ ᠬᠤᠷᠢᠶᠠᠩᠭ᠋ᠤᠢ᠌ᠯᠠᠨ ᠭᠠᠷᠭᠠᠭᠰᠠᠨ ᠪᠦᠭᠡᠳ ᠤᠰᠠᠳᠲᠳᠠᠬᠤ ᠠᠷᠭ᠎ᠠ ᠪᠠ ᠤᠰᠤ ᠬᠡᠷᠡᠭᠯᠡᠬᠦ ᠶᠢ ᠦᠭᠦᠯᠡᠭᠰᠡᠨ ᠨᠢ ᠬᠠᠮᠤᠭ ᠤᠨ ᠨᠠᠷᠢᠯᠢᠭ᠌ ᠤᠨᠤᠪᠴᠢᠲᠠᠢ ᠪᠤᠯᠵᠠᠢ᠃ ᠰᠦᠩ ᠨᠢᠶᠠᠨ ᠦ ᠤᠷᠠᠨ ᠪᠢᠴᠢᠯᠬᠡ᠂ ᠤᠷᠠᠨ ᠵᠢᠷᠤᠭ ᠤᠨ ᠭᠤᠦ ᠠ ᠰᠠᠢ᠌ᠬᠠᠨ ᠦ ᠦᠵᠡᠯ ᠰᠠᠨᠠᠭ᠎ᠠ ᠨᠢ ᠳᠤᠮᠳᠠᠳᠤ ᠤᠯᠤᠰ ᠤᠨ ᠤᠯᠠᠮᠵᠢᠯᠠᠯᠳᠤ ᠪᠢᠴᠢᠭ᠌ ᠤᠨ ᠰᠤᠷᠭᠠᠯᠲᠠᠨ ᠦ ᠦᠵᠡᠯ ᠰᠠᠨᠠᠭ᠎ᠠ ᠶᠢᠨ ᠤᠳᠬ ᠠ ᠤᠷᠠᠯᠢᠭ ᠳᠡᠭᠡᠷᠡᠬᠢ 《ᠲᠦᠪ ᠨᠠᠢᠷᠠᠮᠳᠠᠭᠤ》ᠬᠡᠭᠦ ᠭᠤᠦ ᠠ ᠰᠠᠢ᠌ᠬᠠᠨ ᠋ ᠦ ᠬᠦᠰᠡᠯᠯᠠᠩ ᠤᠨ ᠨᠦᠯᠦᠬᠡ ᠶᠢ ᠬᠦᠷᠳᠡᠭᠰᠡᠨ ᠡᠴᠡ 《ᠲᠦᠪ ᠨᠠᠢᠷᠠᠮᠳᠠᠭᠤ》ᠬᠡᠭᠦ ᠦᠵᠡᠯ ᠰᠠᠨᠠᠭᠠᠨ ᠦ ᠴᠢᠬᠤᠯᠠ ᠤᠨᠴᠠᠯᠢᠭ ᠨᠢ ᠲᠠᠷᠤᠢ ᠵᠢᠷᠤᠭ ᠤᠨ ᠦᠩᠬᠡ ᠦᠵᠡᠮᠵᠢ ᠨᠢ ᠵᠤᠬᠢᠴᠠᠯᠳᠤᠨ ᠨᠢᠬᠡᠳᠦᠭᠰᠡᠨ ᠪᠠᠢ᠌ᠳᠠᠭ᠃ 《ᠵᠸᠦ ᠶᠢᠨ ᠵᠢᠷᠤᠬᠠᠢ》᠋ ᠳᠡᠬᠢ ᠭᠤᠦ ᠠ ᠰᠠᠢᠬᠠᠨ᠋ ᠦ ᠦᠵᠡᠯ ᠰᠠᠨᠠᠭ᠎ᠠ ᠨᠢ ᠪᠠᠰᠠ ᠳᠡᠭᠦᠨ ᠢ ᠬᠦᠨ ᠨᠦᠯᠦᠬᠡᠯᠡᠭᠰᠡᠨ ᠪᠠᠢ᠌ᠳᠠᠭ᠃ |
Original Literature |
View Original Paper
|
出自 |
中国蒙古学
2010年
第1期
|