Abstract |
ᠲᠤᠰ ᠦᠭᠦᠯᠡᠯ ᠳ᠋ᠤ᠂ ᠢᠰᠢᠪᠠᠯᠵᠤᠤᠷ ᠤᠨ ᠨᠢᠭᠡ ᠨᠠᠰᠤᠨ ᠤ ᠦᠢᠯᠡ ᠠᠵᠢᠯᠯᠠᠭ᠎ᠠ ᠵᠢ ᠦᠪᠡᠷᠦᠨ ᠬᠢᠨᠢ ᠵᠣᠬᠢᠶᠠᠭᠰᠠᠨ 《ᠲᠠᠭᠤᠨ ᠪᠠᠴᠢᠷᠭᠴᠢ ᠶᠢᠨ ᠲᠡᠵᠢᠭᠡᠯ》(ᠦᠪᠡᠷᠮᠢᠴᠡ ᠨᠠᠮᠲᠠᠷ) ᠢ ᠮᠦᠷᠳᠡᠵᠦ ᠬᠠᠷᠢᠴᠠᠭᠤᠯᠤᠨ ᠰᠢᠯᠭᠠᠵᠤᠵᠢᠭᠠᠬᠠᠨ ᠨᠠᠷᠢᠯᠢᠭ ᠰᠢᠭ᠌᠋ ᠲᠠᠨᠢᠯᠴᠠᠭᠤᠯᠪᠠ᠃ ᠲᠡᠷᠡ ᠬᠠᠷᠠᠬᠠᠨ ᠪᠠᠭ᠎ᠠ ᠡᠴ ᠡᠪᠠᠨ ᠠᠪᠤᠭᠠᠳ 28 ᠨᠠᠰᠤ ᠬᠦᠷᠲᠡᠯ ᠠ ᠬᠦᠨ ᠤᠬᠠᠭᠠᠨ᠂ ᠲᠡᠦᠬᠡ᠂ ᠵᠢᠷᠤᠬᠠᠢ᠂ ᠬᠡᠯᠡ ᠪᠢᠴᠢᠭ᠂ᠠᠨᠠᠭᠠᠬᠤ ᠤᠬᠠᠭᠠᠨ᠂ ᠤᠳᠬ ᠠ ᠵᠣᠬᠢᠶᠠᠯ᠂ᠤᠷᠠᠯᠠᠬᠤᠢ ᠤᠬᠠᠭᠠᠨ ᠵᠡᠷᠭᠡ ᠤᠯᠠᠨ ᠵᠦᠢᠯ ᠤᠨ ᠡᠷᠳᠡᠮ ᠮᠡᠳᠡᠯᠭᠡ ᠵᠢ ᠡᠵᠡᠮᠰᠢᠭᠰᠡᠨ ᠰᠠᠭᠤᠷᠢᠨ ᠲᠡᠭᠡᠷ ᠡ 34 ᠨᠠᠰᠤᠨ ᠡᠴᠡ ᠬᠤᠢᠰᠢ ᠬᠠᠭᠠᠨ ᠤ ᠵᠠᠷᠯᠢᠭ ᠢᠢᠡᠷ ᠪᠡᠭᠡᠵᠢᠩ ᠳ᠋ᠤ ᠭᠤᠷᠪᠠᠨᠲᠠ ᠤᠷᠤᠭᠰᠠᠨ ᠪᠦᠭᠡᠳ ᠪᠠᠰᠠ ᠲᠤᠯᠤᠭᠠᠨ ᠨᠠᠭᠤᠷ᠂ ᠤᠳᠠᠢ ᠠᠭᠤᠯᠠ ᠪᠣᠯᠤᠨ ᠣᠷᠳᠤᠰ ᠤᠨ ᠬᠠᠩᠬᠢᠨ᠂ ᠲᠠᠯᠠᠳ᠂ ᠵᠦᠩᠭᠠᠷ᠂ ᠦᠦᠰᠢᠨ᠂ ᠡᠵᠡᠨ ᠬᠤᠷᠤᠭ᠎ᠠ ᠵᠡᠷᠭᠡ ᠬᠤᠰᠢᠭᠤ᠂ ᠵᠢᠴᠢ ᠬᠦᠬᠡᠬᠤᠲᠠ ᠂ ᠲᠦᠷᠪᠡᠳ᠂ ᠠᠯᠠᠱᠠ ᠵᠡᠷᠭᠡ ᠮᠣᠩᠭᠤᠯ ᠣᠷᠤᠨ ᠢᠢᠡᠷ ᠤᠯᠠᠨ ᠤᠳᠠᠭ᠎ᠠ ᠤᠷᠢᠭᠳᠠᠵᠤ ᠪᠣᠷᠬᠠᠨ ᠱᠠᠰᠢᠨ ᠢ ᠲᠡᠯᠭᠡᠷᠡᠬᠦᠯᠬᠦ᠂ ᠡᠷᠳᠡᠮ ᠮᠡᠷᠭᠡᠵᠢᠯ ᠢᠢᠡᠨ ᠤᠯᠠᠮᠵᠢᠯᠠᠬᠤ᠂ᠬᠠᠢᠭᠤᠯ ᠬᠠᠶᠠᠬᠤ᠂ ᠡᠪᠡᠳᠴᠢᠨ ᠵᠠᠰᠠᠬᠤ ᠵᠡᠷᠭᠡ ᠠᠵᠢᠯ ᠢ ᠬᠢᠵᠦ ᠪᠠᠢᠵᠠᠢ᠃ ᠢᠳᠡᠷ ᠪᠠ ᠦᠲᠡᠯ ᠠ ᠨᠠᠰᠤᠨ ᠳ᠋ᠠᠭᠠᠨ ᠲᠦᠪᠡᠳ ᠬᠡᠯᠡ ᠪᠡᠷ ᠨᠠᠶᠮᠠᠨ ᠪᠣᠳᠢ67ᠢᠵᠢ ᠵᠣᠬᠢᠶᠠᠯ ᠢ ᠲ ᠤᠭᠤᠷᠪᠢᠵᠤ ᠠᠯᠳᠠᠷ ᠡᠷ ᠡ ᠶᠡᠬᠡᠯ ᠠ ᠮᠠᠨᠳᠤᠭᠠᠳ ᠭᠦᠨ ᠤᠬᠠᠭᠠᠨᠲᠠᠨ᠂ ᠠᠯᠳᠠᠷᠲᠦ ᠲᠡᠦᠬᠡᠴᠢᠨ᠂ᠵᠢᠷᠤᠬᠠᠢᠴᠢᠨ᠂ ᠬᠡᠯᠡᠨ ᠤ ᠰᠢᠨᠵᠢᠯᠡᠯᠲᠡᠨ᠂ ᠤᠳᠬ ᠠ ᠵᠤᠬᠢᠶᠠᠯᠴᠢ᠂ ᠰᠢᠯᠭᠠᠷᠠᠭᠰᠠᠨ ᠡᠮᠴᠢ ᠪᠣᠯᠬᠤ ᠶᠡᠬᠡ ᠡᠷᠳᠡᠮᠲᠡᠨ ᠪᠤᠯᠤᠭᠰᠠᠨ ᠪᠠᠢᠨ᠎ᠠ᠃ |