Title |
ᠮᠡᠷᠭᠡᠨ ᠭᠡᠭᠡᠨ ᠤ《 ᠠᠯᠳᠠᠨ ᠲᠤᠪᠴᠢ》ᠳ᠋ᠡᠬᠢ ᠴᠢᠬᠤᠯᠠ ᠴᠢᠬᠤᠯᠠ ᠲᠡᠦᠬᠡᠲᠦ ᠬᠦᠮᠦᠰ ᠤᠨ ᠲᠣᠬᠠᠢ ᠲᠡᠮᠳᠡᠭᠯᠡᠯ ᠤᠳ ᠢ ᠰᠢᠨᠵᠢᠯᠡᠬᠦ ᠨᠢ |
Creator |
ᠪᠠ•ᠮᠦᠩᠬᠡ |
Keyword |
ᠮᠡᠷᠭᠡᠨ ᠭᠡᠭᠡᠨ ;《 ᠠᠯᠳᠠᠨ ᠲᠤᠪᠴᠢ》;ᠲᠡᠦᠬᠡᠲᠦ ᠬᠦᠮᠦᠰ |
Abstract |
ᠮᠣᠨᠭᠤᠯ ᠦᠨᠳᠦᠰᠦᠲᠡᠡ ᠤ ᠲᠡᠦᠬᠡ ᠶᠢᠨ ᠲᠣᠬᠠᠢ ᠪᠢᠴᠢᠭᠰᠡᠨ ᠠᠯᠢ ᠤᠯᠠᠨ ᠲᠤᠯᠭᠤᠷ ᠪᠢᠴᠢᠭ᠂ ᠱᠠᠰᠳᠢᠷ ᠲᠡᠦᠬᠡ ᠶᠢᠨ ᠲᠤᠳᠤᠷ ᠠ ᠶᠡᠬᠡ ᠲᠡᠦᠬᠡᠴᠢ ᠮᠡᠷᠭᠡᠨ ᠭᠡᠭᠡᠨ ᠯᠤᠪᠰᠠᠩᠳᠠᠮᠪᠢᠵᠠᠯᠰᠠᠨ(1717-1766ᠣᠨ) ᠤ ᠵᠣᠬᠢᠶᠠᠭᠰᠠᠨ ᠭᠤᠴᠢᠨ ᠭᠤᠷᠪᠠᠨ ᠪᠦᠯᠦᠭᠲᠦ《ᠠᠯᠳᠠᠨ ᠲᠤᠪᠴᠢ》ᠨᠢ ᠦᠪᠡᠷ ᠤᠨ ᠪᠣᠳᠠᠭᠠᠯᠢ ᠰᠢᠨᠵᠢ ᠪᠡᠷ ᠢᠢᠡᠨ ᠪᠣᠰᠤᠳ ᠤᠯᠠᠮ ᠡᠴᠡ ᠢᠯᠭᠠᠷᠠᠭᠳᠠᠵᠤ ᠪᠠᠢᠳᠠᠭ᠃ ᠲᠤᠰ 《ᠠᠯᠲᠠᠨ ᠲᠤᠪᠴᠢ》 ᠳ᠋ᠤ᠂ ᠪᠣᠰᠤᠳ ᠰᠣᠳᠤᠷ ᠪᠢᠴᠢᠭ ᠪᠠᠢᠭ᠎ᠠ ᠦᠭᠡᠢ ᠠᠯᠢ ᠤᠯᠠᠨ ᠲᠡᠦᠬᠡᠳᠦ ᠬᠡᠷᠡᠭ ᠤᠳ ᠨᠠᠷᠢᠨ ᠪᠣᠳᠠᠳᠠᠢ᠂ ᠲᠤᠪᠴᠢ ᠲᠤᠳᠤᠷᠬᠠᠢ ᠲᠡᠮᠳᠡᠭᠯᠡᠯᠭᠳᠡᠭᠰᠨ ᠢᠢᠡᠷ ᠦᠯᠦ ᠪᠠᠷᠠᠨ᠂ ᠨᠡᠩ ᠴᠢᠬᠤᠯᠠ ᠨᠢ ᠪᠣᠭᠲᠠ ᠴᠢᠩᠬᠢᠰ ᠬᠠᠭᠠᠨ ᠪᠡᠯᠤᠨ ᠲᠡᠭᠦᠨ ᠡᠴᠡ ᠡᠮᠦᠨᠡᠬᠢ ᠦᠶ ᠠ ᠶᠢᠨ ᠮᠣᠩᠭᠤᠯ ᠤᠨ ᠤᠯᠠᠨ ᠬᠠᠭᠠᠳ ᠨᠤᠶᠠᠳ ᠤᠨ ᠨᠠᠮᠳᠠᠷ ᠲᠡᠦᠬᠡ᠂ ᠢᠯᠠᠩᠭᠤᠶ ᠠ ᠲᠡᠲᠡᠨ ᠤ ᠲᠦᠷᠦᠵᠦ ᠮᠡᠨᠳᠦᠯᠡᠭᠰᠡᠨ ᠣᠨ ᠵᠢᠯ ᠢ ᠲᠤᠳᠤᠯᠬᠠᠬᠤ ᠳ᠋ᠤ ᠦᠨ᠎ᠡ ᠦᠷᠲᠡᠭ ᠪᠦᠬᠦᠢ ᠮᠠᠲ᠋ᠧᠷᠢᠶᠠᠯ ᠢ ᠪᠡᠯᠡᠳᠭᠡᠵᠦ ᠦᠭᠬᠦᠭᠰᠡᠨ ᠨᠢ ᠭᠠᠢᠬᠠᠯᠲᠠᠢ᠃ ᠲᠤᠤᠷ ᠠ ᠲᠤᠰ 《ᠠᠯᠲᠠᠨ ᠲᠤᠪᠴᠢ 》ᠳ᠋ᠡᠬᠢ ᠲᠡᠮᠳᠡᠭᠯᠡᠯ ᠢ ᠦᠨᠳᠦᠰᠦᠯᠡᠵᠦ ᠮᠣᠩᠭᠤᠯ ᠤᠨ ᠡᠷᠲᠡᠨ ᠤ ᠲᠡᠦᠬᠡᠨ ᠲᠡᠭᠡᠷ ᠡ ᠴᠣᠯᠭᠤᠷᠠᠭᠰᠠᠨ ᠴᠢᠬᠤᠯᠠ ᠴᠢᠬᠤᠯᠠ ᠲᠡᠦᠬᠡᠲᠦ ᠬᠦᠮᠦᠰ ᠤᠨ ᠲᠦᠷᠦᠵᠦ ᠮᠡᠨᠳᠦᠯᠡᠭᠰᠡᠨ ᠤᠨ ᠵᠢᠯ ᠢ ᠨᠡᠢᠲᠡ ᠤᠨ ᠲᠣᠭᠠᠯᠠᠯ ᠲᠠᠢ ᠬᠠᠷᠢᠴᠠᠭᠤᠯᠵᠤ ᠲᠤᠳᠤᠷᠬᠠᠢ ᠪᠣᠯᠭᠠᠭᠠᠳ ᠲᠠ ᠤᠯᠠᠨ ᠳ᠋ᠤ ᠡᠷᠭᠦᠨ ᠲᠤᠯᠢᠯᠠᠭᠤᠯᠰᠤᠭᠠᠢ! |
Original Literature |
No Original Paper
|
出自 |
蒙古学研究
1993年
第3期
|