| Title |
ᠮᠤᠩᠭᠤᠯ ᠬᠡᠯᠡᠨ ᠦ ᠬᠦᠬᠡᠨᠠᠭᠤᠷ ᠠᠮᠠᠨ ᠠᠶᠠᠯᠭᠤᠨ ᠳᠠᠬᠢ ᠲᠡᠶᠢᠨ ᠢᠯᠭᠠᠯ ᠪᠠ ᠤᠳᠬ᠎ᠠ ᠬᠡᠷᠡᠭᠯᠡᠭᠡ |
| Creator |
ᠤᠶᠤᠨᠨᠠᠰᠤᠨ |
| Keyword |
ᠮᠣᠩᠭᠤᠯ ᠬᠡᠯᠡ; ᠬᠦᠬᠡᠨᠠᠭᠤᠷ ᠠᠮᠠᠨ ᠠᠶᠠᠯᠭᠤ; ᠲᠡᠶᠢᠨ ᠢᠯᠭᠠᠯ ᠤᠨ ᠬᠡᠯᠪᠡᠷᠢ |
| Abstract |
ᠮᠤᠩᠭᠤᠯ ᠬᠡᠯᠡᠨ ᠦ ᠨᠤᠲᠤᠭ ᠤᠨ ᠠᠶᠠᠯᠭᠤ᠂ ᠠᠮᠠᠨ ᠠᠶᠠᠯᠭᠤᠨ ᠳᠠᠬᠢ ᠲᠡᠶᠢᠨ ᠢᠯᠭᠠᠯ ᠤᠨ ᠬᠡᠯᠪᠡᠷᠢ ᠨᠢ ᠦᠨᠳᠦᠰᠦᠨ ᠳᠡᠭᠡᠨ ᠤᠶᠢᠷᠠᠯᠴᠠᠭ᠎ᠠ ᠪᠠᠶᠢᠳᠠᠭ ᠪᠤᠯᠪᠠᠴᠤ᠂ ᠬᠡᠯᠡᠨ ᠦ ᠳᠤᠲᠤᠭᠠᠳᠤ ᠬᠤᠪᠢᠰᠤᠯ᠂ ᠭᠠᠳᠠᠭᠠᠳᠤ ᠨᠦᠬᠦᠴᠡᠯ ᠵᠡᠷᠭᠡ ᠡᠴᠡ ᠰᠢᠯᠲᠠᠭᠠᠯᠵᠤ᠂ ᠪᠤᠳᠠᠲᠠᠢ ᠬᠡᠯ ᠶᠠᠷᠢᠶᠠᠨ ᠳᠤ ᠬᠡᠷᠡᠭᠯᠡᠭᠳᠡᠬᠦ ᠳᠡᠭᠡᠨ ᠤᠳᠬ᠎ᠠ ᠢᠯᠡᠳᠭᠡᠮᠵᠢ ᠶᠢᠨ ᠲᠠᠯ᠎ᠠ ᠪᠠᠷ ᠦᠪᠡᠷ ᠦᠨ ᠠᠮᠠᠨ ᠠᠶᠠᠯᠭᠤᠨ ᠤ ᠦᠪᠡᠷᠮᠢᠴᠡ ᠤᠨᠴᠠᠯᠢᠭ ᠲᠠᠢ ᠪᠠᠶᠢᠳᠠᠭ᠃ ᠬᠦᠬᠡᠨᠠᠭᠤᠷ ᠠᠮᠠᠨ ᠠᠶᠠᠯᠭᠤᠨ ᠳᠠᠬᠢ ᠲᠡᠶᠢᠨ ᠢᠯᠭᠠᠯ ᠤᠨ ᠬᠡᠯᠪᠡᠷᠢ ᠳᠦ ᠪᠢᠴᠢᠭ᠌ ᠦᠨ ᠬᠡᠯᠡᠨ ᠦ ᠦᠨᠳᠦᠰᠦᠨ ᠳᠤᠯᠤᠭᠠᠨ ᠲᠡᠶᠢᠨ ᠢᠯᠭᠠᠯ ᠪᠠᠶᠢᠬᠤ ᠠᠴᠠ ᠭᠠᠳᠠᠨ᠎ᠠ᠂ ᠵᠦᠭ ᠴᠢᠭ᠌ ᠦᠨ ᠲᠡᠶᠢᠨ ᠢᠯᠭᠠᠯ ᠭᠡᠬᠦ ᠶᠠᠷᠢᠶᠠᠨ ᠤ ᠬᠡᠯᠡᠨ ᠦ ᠲᠡᠶᠢᠨ ᠢᠯᠭᠠᠯ ᠪᠠᠶᠢᠳᠠᠭ᠃ ᠦᠭᠦᠯᠡᠯ ᠳᠦ ᠬᠠᠮ ᠴᠠᠭ ᠤᠨ ᠡᠭᠦᠳᠡᠨ ᠡᠴᠡ ᠬᠦᠨᠡᠨᠠᠭᠤᠷ ᠠᠮᠠᠨ ᠠᠶᠠᠯᠭᠤᠨ ᠤ ᠲᠡᠶᠢᠨ ᠢᠯᠭᠠᠯ ᠤᠨ ᠳᠠᠭᠠᠪᠤᠷᠢ ᠶᠢᠨ ᠬᠡᠯᠡᠨ ᠦ ᠤᠷᠴᠢᠨ ᠳᠠᠬᠢ ᠪᠤᠳᠠᠲᠤ ᠬᠡᠷᠡᠭᠯᠡᠭᠡ᠂ ᠢᠯᠡᠳᠭᠡᠬᠦ ᠤᠳᠬ᠎ᠠ ᠵᠡᠷᠭᠡ ᠶᠢ ᠲᠤᠳᠤᠷᠠᠭᠤᠯᠬᠤ ᠶᠢ ᠵᠤᠷᠢᠪᠠ᠃ |
| Original Literature |
View Original Paper
|
| 出自 |
中国蒙古学
2010年
第5期
|