Paper Information


Title ᠴᠠᠬᠠᠷ ᠲᠦᠮᠡᠨ ᠦ ᠨᠠᠢᠮᠠᠨ ᠶᠡᠬᠡ ᠣᠲᠤᠭᠤᠨ ᠨᠢᠭᠡᠨ ᠪᠤᠯᠬᠤ 《ᠨᠠᠢᠮᠠᠨ》ᠬᠢᠭᠡᠳ ᠲᠡᠭᠦᠨ ᠦ ᠱᠠᠰᠢᠨ ᠰᠤᠷᠲᠠᠬᠤᠨ
Creator ᠮᠢᠩ᠋ᠭᠠᠳ ᠡᠷᠳᠡᠨᠢᠪᠠᠭᠠᠲᠤᠷ
Keyword ᠴᠠᠬᠠᠷ ᠲᠦᠮᠡᠨ; ᠨᠠᠢᠮᠠᠨ; ᠱᠠᠰᠢᠨ ᠰᠤᠷᠲᠠᠬᠤᠨ
Abstract ᠣᠳᠣ ᠶᠢᠨ ᠦᠪᠦᠷ ᠮᠣᠩ᠋ᠭᠤᠯ ᠤᠨ ᠨᠠᠢᠮᠠᠨ ᠬᠤᠰᠢᠭᠤ ᠪᠤᠯ ᠤᠮᠠᠷᠠᠲᠤ ᠶᠤᠸᠠᠨ ᠤᠯᠤᠰ ᠤᠨ ᠦᠶ᠎ᠡ ᠶᠢᠨ ᠴᠠᠬᠠᠷ ᠲᠦᠮᠡᠨ ᠦ ᠨᠠᠢᠮᠠᠨ ᠶᠡᠬᠡ ᠣᠲᠤᠭ ᠤᠨ ᠨᠢᠭᠡᠨ ᠪᠤᠯᠬᠤ 《ᠨᠠᠢᠮᠠᠨ》᠋ ᠤ ᠰᠠᠭᠤᠷᠢ ᠳᠡᠭᠡᠷ᠎ᠡ ᠪᠤᠢ ᠪᠤᠯᠵᠤ ᠬᠦᠭ᠍ᠵᠢᠵᠦ ᠬᠤᠪᠢᠷᠠᠵᠤ ᠢᠷᠡᠭᠰᠡᠨ ᠶᠤᠮ᠃ ᠦᠭᠦᠯᠡᠯ ᠳᠦ ᠭᠤᠤᠯᠠᠭᠤ 《ᠪᠤᠭᠲᠠ ᠪᠠᠭᠠᠲᠤᠷ ᠪᠡᠶ᠎ᠡ ᠪᠡᠷ ᠳᠠᠢ᠌ᠯᠠᠭᠰᠠᠨ ᠲᠡᠮᠳᠡᠭᠯᠡᠯ》᠂ 《ᠮᠣᠩ᠋ᠭᠤᠯ ᠤᠨ ᠨᠢᠭᠤᠴᠠ ᠲᠤᠪᠴᠢᠶᠠᠨ》᠂ 《ᠰᠤᠳᠤᠷ ᠤᠨ ᠴᠢᠭᠤᠯᠭᠠᠨ》᠂ 《ᠳᠡᠢ᠌ᠮᠢᠩ ᠤᠯᠤᠰ ᠤᠨ ᠮᠠᠭᠠᠳ ᠬᠠᠤᠯᠢ》᠂ 《ᠬᠤᠷᠢᠶᠠᠩ᠋ᠭᠤᠢ ᠠᠯᠲᠠᠨ ᠲᠤᠪᠴᠢ》᠂ 《ᠡᠷᠳᠡᠨᠢ ᠶᠢᠨ ᠲᠤᠪᠴᠢ》᠂ 《ᠭᠠᠩ᠋ᠭ᠎ᠠ ᠶᠢᠨ ᠤᠷᠤᠰᠬᠠᠯ》ᠵᠡᠷᠭᠡ ᠲᠡᠦᠡᠨ ᠰᠤᠷᠪᠤᠯᠵᠢ ᠪᠢᠴᠢᠭ᠌ ᠦᠳ ᠲᠦ ᠲᠤᠯᠭᠠᠭᠤᠷᠢᠯᠠᠵᠤ᠂ ᠴᠠᠬᠠᠷ ᠲᠦᠮᠡᠨ ᠦ ᠨᠠᠢᠮᠠᠨ ᠶᠡᠬᠡ ᠣᠲᠤᠭ ᠤᠨ ᠨᠢᠭᠡᠨ ᠪᠤᠯᠬᠤ 《ᠨᠠᠢᠮᠠᠨ》᠋ ᠤ ᠲᠡᠦᠬᠡᠨ ᠬᠤᠪᠢᠷᠠᠯᠲᠠ ᠶᠢ ᠲᠤᠪᠴᠢᠬᠠᠨ ᠬᠤᠷᠢᠶᠠᠩ᠋ᠭᠤᠢ᠌ᠯᠠᠬᠤ ᠶᠢᠨ ᠳᠠᠭᠠᠤ᠂ ᠡᠷᠲᠡᠨ ᠦ ᠨᠠᠢᠮᠠᠨ ᠠᠢ᠌ᠮᠠᠭ ᠤᠨ ᠦᠶ᠎ᠡ᠂ ᠤᠮᠠᠷᠠᠲᠤ ᠶᠤᠸᠠᠨ ᠤᠯᠤᠰ ᠤᠨ ᠦᠶ᠎ᠡ ᠬᠢᠭᠡᠳ ᠴᠢᠩ ᠤᠯᠤᠰ ᠤᠨ ᠦᠶ᠎ᠡ ᠳᠡᠬᠢ ᠨᠠᠢᠮᠠᠨᠴᠤᠳ ᠤᠨ ᠨᠧᠰᠲ᠋ᠤᠷᠢᠰ ᠤᠨ ᠪᠦᠯᠦᠭ ᠦᠨ ᠾᠷᠢᠰᠲ᠋ᠤᠰ ᠤᠨ ᠱᠠᠰᠢᠨ᠂ ᠪᠦᠬᠡ ᠶᠢᠨ ᠱᠠᠰᠢᠨ᠂ ᠪᠤᠷᠬᠠᠨ ᠱᠠᠰᠢᠨ ᠵᠡᠷᠭᠡ ᠶᠢ ᠰᠢᠲᠦᠵᠦ ᠢᠷᠡᠭᠰᠡᠨ ᠱᠠᠰᠢᠨ ᠰᠢᠲᠦᠯᠭᠡ ᠶᠢᠨ ᠪᠠᠢ᠌ᠳᠠᠯ ᠵᠢᠴᠢ ᠲᠡᠭᠦᠨ ᠦ ᠣᠨᠴᠠᠯᠢᠭ ᠢ ᠦᠭᠦᠯᠡᠪᠡ᠃
Original Literature View Original Paper
出自 内蒙古社会科学(蒙文版) 2010年 第4期

联系我们


内蒙古大学图书馆
呼和浩特市大学西路235号
中国·内蒙古
P: (0471) 4992561
E: huangfeilong@imu.edu.cn