Title |
《ᠮᠣᠩᠭᠣᠯ ᠤᠨ ᠨᠢᠭᠤᠴᠠ ᠲᠣᠪᠴᠢᠶᠠᠨ》 ᠳ᠋ᠡᠬᠢ《ᠬᠠᠨᠠᠯᠭ᠎ᠠ》ᠭᠡᠮᠡᠬᠦ ᠦᠭᠡ ᠶᠢ ᠰᠢᠨᠵᠢᠯᠡᠬᠦ ᠨᠢ |
Creator |
ᠳ•ᠬᠦᠭ᠍ᠵᠢᠯᠲᠦ; ᠣ•ᠦᠯᠵᠡᠢ |
Keyword |
ᠬᠠᠨᠠᠯᠭ᠎ᠠ; ᠦᠭᠡ ᠶᠢᠨ ᠤᠳᠬ᠎ᠠ; 《ᠮᠣᠩᠭᠣᠯ ᠤᠨ ᠨᠢᠭᠤᠴᠠ ᠲᠣᠪᠴᠢᠶᠠᠨ》 |
Abstract |
《ᠮᠣᠩᠭᠣᠯ ᠤᠨ ᠨᠢᠭᠤᠴᠠ ᠲᠣᠪᠴᠢᠶᠠᠨ》 ᠳ᠋ᠤ ᠭᠠᠷᠳᠠᠭ《ᠬᠠᠨᠠᠯᠬᠠ - ᠬᠠᠨᠠᠯᠭ᠎ᠠ》ᠭᠡᠬᠦ ᠦᠭᠡ ᠶᠢ ᠣᠯᠠᠩᠬᠢ ᠣᠷᠴᠢᠭᠤᠯᠭ᠎ᠠ ᠪᠠ ᠪᠠᠭᠤᠯᠭᠠᠪᠤᠷᠢ ᠳᠤ ᠮᠢᠩ ᠤᠯᠤᠰ ᠤᠨ ᠦᠶ᠎ᠡ ᠶᠢᠨ ᠬᠠᠵᠠᠭᠤ ᠶᠢᠨ ᠣᠷᠴᠢᠭᠤᠯᠭ᠎ᠠ ᠶᠢ ᠳᠠᠭᠠᠵᠤ《ᠵᠠᠪᠰᠢᠶᠠᠨ》᠂《ᠰᠢᠯᠳᠠᠭ》ᠭᠡᠵᠦ ᠲᠠᠢ᠌ᠯᠪᠤᠷᠢᠯᠠᠵᠤ ᠪᠠᠢ᠌ᠭ᠎ᠠ ᠳᠤ ᠠᠳᠠᠯᠢ ᠪᠣᠰᠤ ᠰᠠᠨᠠᠯ ᠢᠶᠡᠨ ᠳᠡᠪᠰᠢᠭᠦᠯᠵᠡᠢ᠃ ᠡᠭᠦᠨ ᠳᠥ ᠵᠣᠬᠢᠶᠠᠭᠴᠢ ᠪᠠᠷ ᠲᠤᠰ ᠦᠭᠡ ᠶᠢ ᠠᠨᠠᠭᠠᠬᠤ ᠤᠬᠠᠭᠠᠨ ᠤ ᠲᠡᠥᠬᠡ ᠶᠢᠨ ᠡᠭᠦᠳᠡᠨ ᠡᠴᠡ᠂ ᠬᠢᠲᠠᠳ ᠦᠰᠦᠭ ᠢᠶᠡᠷ ᠭᠠᠯᠢᠭᠯᠠᠵᠤ ᠪᠠᠭᠤᠯᠭᠠᠭᠰᠠᠨ ᠣᠨᠴᠠᠯᠢᠭ ᠡᠴᠡ ᠨᠢ᠂ ᠦᠭᠡ ᠶᠢᠨ ᠢᠵᠠᠭᠤᠷ ᠡᠴᠡ ᠨᠢ ᠪᠠ ᠣᠷᠴᠢᠨ ᠴᠠᠭ ᠤᠨ ᠮᠣᠩᠭᠣᠯ ᠬᠡᠯᠡᠨ ᠳᠥ ᠪᠣᠳᠠᠳᠠᠢ ᠬᠡᠷᠡᠭᠯᠡᠭᠳᠡᠵᠦ ᠪᠠᠢ᠌ᠭ᠎ᠠ ᠪᠠᠢ᠌ᠳᠠᠯ ᠡᠴᠡ ᠨᠢ ᠰᠢᠨᠵᠢᠯᠡᠬᠦ ᠪᠡᠷ ᠳᠠᠮᠵᠢᠭᠠᠳ᠂《ᠨᠢᠭᠤᠴᠠ ᠲᠣᠪᠴᠢᠶᠠᠨ》 ᠳ᠋ᠤ ᠭᠠᠷᠳᠠᠭ《ᠬᠠᠨᠠᠯᠬᠠ - ᠬᠠᠨᠠᠯᠭ᠎ᠠ》ᠭᠡᠳᠡᠭ ᠦᠭᠡ ᠪᠣᠯ《ᠰᠤᠳᠠᠯ ᠢ ᠬᠠᠳᠭᠤᠨ ᠴᠢᠰᠤ ᠭᠠᠷᠭᠠᠬᠤ》ᠭᠡᠬᠦ ᠤᠳᠬ᠎ᠠ ᠪᠦᠬᠦᠢ ᠦᠢᠯᠡ ᠦᠭᠡ ᠶᠢᠨ ᠢᠵᠠᠭᠤᠷ ᠦᠨᠳᠦᠰᠦ ᠪᠣᠯᠬᠤ《ᠬᠠᠨ᠎ᠠ》 ᠳ᠋ᠤ ᠨᠡᠷ᠎ᠡ ᠦᠭᠡ ᠪᠦᠲᠦᠭᠡᠬᠦ《᠊ᠯᠬᠠ - ᠊ᠯᠭ᠎ᠠ》ᠳᠠᠭᠠᠪᠤᠷᠢ ᠵᠠᠯᠭᠠᠵᠤ ᠪᠦᠲᠦᠭᠰᠡᠨ《ᠬᠠᠨᠠᠬᠤ ᠦᠢᠯᠡ ᠶᠢ ᠬᠦᠢᠴᠡᠳᠭᠡᠬᠦ ᠠᠵᠯᠯᠠᠭ᠎ᠠ》ᠭᠡᠮᠡᠬᠦ ᠦᠨᠳᠦᠰᠦᠨ ᠤᠳᠬ᠎ᠠ ᠪᠦᠬᠦᠢ ᠦᠢᠯᠡᠲᠦ ᠨᠡᠷ᠎ᠡ ᠮᠦᠨ ᠪᠦᠭᠡᠳ《ᠨᠢᠭᠤᠴᠠ ᠲᠣᠪᠴᠢᠶᠠᠨ》 ᠤ ᠲᠡᠷᠡ ᠬᠥ ᠶᠠᠷᠢᠶᠠᠨ ᠤ ᠣᠷᠴᠢᠨ ᠳᠤ ᠲᠡᠭᠦᠨ ᠢ ᠤᠳᠬ᠎ᠠ ᠰᠢᠯᠵᠢᠭᠦᠯᠵᠦ《ᠠᠯᠠᠯᠳᠤᠭᠠᠨ᠂ ᠲᠤᠯᠤᠯᠳᠤᠭᠠᠨ᠂ ᠬᠢᠲᠤᠯᠭ᠎ᠠ》ᠭᠡᠬᠦ ᠮᠡᠳᠦ ᠶᠢᠨ ᠤᠳᠬ᠎ᠠ ᠪᠠᠷ ᠬᠡᠷᠡᠭᠯᠡᠭᠰᠡᠨ ᠪᠣᠯᠣᠭᠴᠠᠭᠠ ᠨᠢ ᠲᠤᠩ ᠶᠡᠬᠡ ᠪᠣᠢ ᠭᠡᠵᠦ ᠦᠵᠡᠭᠰᠡᠨ ᠪᠠᠢ᠌ᠨ᠎ᠠ᠃ |
Original Literature |
View Original Paper
|
出自 |
内蒙古民族大学学报(社会科学)
2007年
第1期
|