Paper Information


Title ᠬᠠᠰᠠᠷ ᠤᠨ ᠵᠤᠷᠢᠭ ᠰᠠᠨᠠᠭᠠᠨ ᠤ ᠮᠦᠨ ᠴᠢᠨᠠᠷ ᠤᠨ ᠲᠤᠬᠠᠢ
Creator ᠡᠷᠳᠡᠨᠢᠠᠭᠤᠯᠠ
Keyword ᠬᠠᠰᠠᠷ; ᠵᠤᠷᠢᠭ ᠰᠠᠨᠠᠭ᠋ ᠡ᠂ ᠮᠦᠨ ᠴᠢᠨᠠᠷ
Abstract ᠲᠤᠰ ᠦᠭᠦᠯᠡᠯ ᠳᠤ ᠬᠠᠰᠠᠷ ᠤᠨ ᠵᠠᠮᠤᠭ ᠡ᠂ ᠸᠠᠩ ᠬᠠᠨ ᠵᠢᠴᠢ ᠬᠦᠭᠡᠴᠦ ᠪᠦᠭᠡ ᠪᠤᠯᠤᠨ ᠴᠢᠩᠬᠢᠰ ᠬᠠᠭᠠᠨ ᠤ ᠵᠦᠷᠢᠴᠡᠯ ᠲᠤᠮᠳᠠ ᠬᠠᠪᠴᠢᠭᠳᠠᠨᠰᠠᠨ ᠲᠡᠤᠭᠡᠨ ᠰᠢᠨᠵᠢ ᠪᠠᠡᠢᠳᠠᠯ ᠢ ᠰᠢᠨᠵᠢᠯᠠᠨ ᠲᠠᠡᠢᠯᠪᠤᠷᠢᠯᠠᠬᠤ ᠪᠡᠷ ᠲᠠᠮᠨᠵᠢᠭᠤᠯᠵᠦ᠂ ᠲᠡᠭᠦᠨ ᠤ ᠡᠢᠢᠮᠤᠷᠬᠦ《 ᠬᠠᠪᠴᠢᠭᠳᠠᠯ》᠋ ᠤᠨ ᠴᠢᠨᠠᠷ ᠲᠠᠢ ᠵᠦᠷᠢᠴᠡᠯ ᠢ ᠰᠡᠢᠳᠪᠤᠷᠢᠯᠡᠬᠦ ᠶᠠᠪᠤᠴᠠ ᠳᠤ ᠪᠦᠷᠢᠯᠳᠤᠭᠦᠯᠦᠭᠰᠡᠨ ᠪᠠᠶ ᠡ ᠪᠡᠨ ᠢᠳᠡᠭᠡᠬᠦ᠃ ᠪᠡᠶ ᠡ ᠪᠡᠨ ᠪᠠᠷᠢᠬᠤ ᠪᠡ ᠪᠠᠶ ᠡ ᠪᠡᠨ ᠦᠷᠡᠭᠳᠡᠭᠦᠯᠬᠦ ᠵᠤᠷᠢᠭ ᠰᠠᠨᠠᠭ᠋ ᠡ ᠵᠢ ᠲᠤᠳᠤᠷᠠᠭᠤᠯᠤᠨ ᠦᠭᠦᠯᠡᠵᠦ᠂ ᠡᠶ ᠡ ᠨᠠᠡᠢᠷ ᠪᠤᠯᠤᠨ ᠢᠳᠡᠭᠡᠯ ᠵᠢᠷᠤᠮ ᠢ ᠬᠡᠵᠢᠶᠠᠳᠠ ᠲᠡᠷᠢᠭᠦᠨ ᠳᠤ ᠲᠠᠯᠪᠢᠵᠦ᠂ ᠬᠦᠴᠢᠷᠳᠡᠯ ᠲᠠᠢ ᠦᠶ ᠡ ᠳᠤ ᠬᠦᠯ ᠦᠨᠳᠠᠡᠢᠨ ᠪᠤᠰᠴᠦ᠂ ᠭᠠᠴᠢᠭᠳᠠᠯ ᠲᠠᠢ ᠦᠶ ᠡ ᠳᠤ ᠭᠠᠷ ᠰᠢᠮᠠᠯᠠᠨ ᠭᠠᠷᠴᠦ᠂ ᠪᠡᠷᠭᠡᠰᠢᠶᠠᠯ ᠲᠠᠢ ᠦᠶ ᠡ ᠳᠤ ᠪᠡᠶ ᠡ ᠲᠠᠨᠠᠡᠢᠨ ᠤᠷᠤᠳᠠᠭ ᠵᠠᠩ ᠴᠢᠨᠠᠷ ᠬᠢᠭᠡᠳ᠂ 《 ᠬᠠᠷᠰᠢᠯᠳᠤᠨ ᠭᠠᠷᠤᠭᠰᠠᠨ ᠡᠳᠡᠭᠡᠳ ᠢ ᠬᠠᠷᠪᠤᠵᠦ ᠤᠷᠤᠭᠤᠯᠬᠤ ᠴᠢᠳᠠᠯ》᠂ 《 ᠠᠳᠠᠭᠠᠷᠬᠠᠨ ᠭᠠᠷᠤᠭᠰᠠᠨ ᠲᠠᠡᠢᠰᠤᠨ ᠢ ᠠᠯᠤᠰ ᠡᠴᠨ ᠪᠤᠴᠠᠭᠠᠬᠤ ᠬᠦᠴᠦ》 ᠋ ᠪᠡᠷ ᠶᠢᠡᠨ ᠴᠢᠩᠬᠢᠰ ᠤᠨ ᠠᠯᠳᠠᠨ ᠲᠦᠷᠦ ᠵᠢ ᠲᠡᠳᠭᠦᠵᠦ᠂ ᠠᠷᠢᠭᠤᠨ ᠠᠮᠢ ᠪᠠᠨ ᠵᠤᠷᠢᠭᠤᠯᠤᠨ ᠂ ᠠᠤᠭ᠋ ᠡ ᠭᠠᠪᠢᠶ ᠡ ᠪᠠᠡᠢᠭᠤᠯᠵᠦ᠂ ᠠᠯᠳᠠᠷ ᠨᠠᠷ ᠡ ᠪᠡᠨ ᠮᠠᠨᠳᠤᠭᠤᠯᠵᠦ ᠠᠴᠢ ᠦᠷ ᠡ ᠪᠡᠨ ᠢᠪᠡᠭᠡᠭ᠍ᠰᠡᠨ ᠬᠤᠪᠢ ᠨᠠᠮᠡᠷᠢ ᠵᠢ ᠮᠠᠭᠳᠠᠨ ᠲᠠᠭᠤᠯᠠᠵᠦ᠂ ᠬᠠᠭᠠᠴᠠᠯ ᠪᠤᠳᠠᠷᠠᠯ ᠢ ᠡᠰᠡᠷᠭᠦᠴᠡᠬᠦ ᠪᠦᠯᠬᠦᠮᠳᠠᠯ ᠨᠢᠭᠡᠳᠤᠯ ᠢ ᠡᠷᠬᠢᠮᠯᠡᠬᠦ ᠪᠤᠯ ᠰᠠᠶᠢ ᠬᠠᠰᠠᠷ ᠤᠨ ᠵᠤᠷᠢᠭ ᠰᠠᠨᠠᠭᠠᠨ ᠤ ᠭᠤᠤᠯ ᠠᠭᠤᠯᠭ᠋ ᠡ ᠪᠠ ᠦᠨᠳᠤᠰᠤᠨ ᠵᠤᠡᠢᠯ ᠪᠤᠯᠤᠨ᠌ ᠡ ᠬᠡᠵᠦ ᠦᠵᠡᠵᠡᠢ᠃
Original Literature No Original Paper
出自 蒙古学研究 2004年 第3期

联系我们


内蒙古大学图书馆
呼和浩特市大学西路235号
中国·内蒙古
P: (0471) 4992561
E: huangfeilong@imu.edu.cn