Paper Information


Title ᠠᠮᠳᠠᠲᠤ ᠵᠡᠭᠡᠰᠦ ᠳᠦ ᠬᠢ ᠴᠤᠯᠤᠮᠠᠭᠠᠢ ᠵᠢᠭᠠᠷᠲᠤ ᠮᠤᠳᠤᠨ ᠠᠯᠺᠤᠤᠯ ᠪᠠ ᠲᠤᠭᠤᠷ ᠤᠨ ᠨᠠᠪᠴᠢᠲᠤ ᠱᠢᠷᠤ ᠶᠢᠨ ᠭᠯᠢᠺᠤᠰᠢᠳ᠋ ᠢ ᠨᠢᠮᠬᠡᠨ ᠳᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠷᠭ᠎ᠠ ᠪᠠᠷ ᠢᠯᠭᠠᠨ ᠲᠠᠨᠢᠬᠤ ᠰᠤᠳᠤᠯᠭ᠎ᠠ
Creator ᠯᠢ ᠱᠤ ᠶᠠᠨ; ᠪᠠᠭᠠᠨ᠎ᠠ
Keyword ᠠᠮᠳᠠᠳᠤ ᠵᠡᠭᠡᠰᠦ; ᠴᠤᠯᠤᠮᠠᠭᠠᠢ ᠵᠢᠭᠠᠷᠲᠤ ᠮᠤᠳᠤᠨ ᠠᠯᠺᠤᠤᠯ; ᠲᠤᠭᠤᠷ ᠤᠨ ᠨᠠᠪᠴᠢᠲᠤ ᠱᠢᠷᠦ ᠶᠢᠨ ᠭᠯᠢᠺᠤᠰᠢᠳ᠋; ᠨᠢᠮᠬᠡᠨ ᠳᠠᠪᠬᠤᠷᠭ᠎ᠠ ᠶᠢᠨ ᠦᠩᠭᠡ ᠶᠢᠨ ᠵᠢᠭ᠌ᠰᠠᠯ
Abstract ᠮᠣᠩ᠋ᠭᠤᠯ ᠡᠮ ᠠᠮᠳᠠᠳᠤ ᠵᠡᠭᠡᠰᠦ ᠳᠦ ᠬᠢ ᠴᠤᠯᠤᠮᠠᠭᠠᠢ ᠵᠢᠭᠠᠷᠲᠤ ᠮᠤᠳᠤᠨ ᠠᠯᠺᠤᠤᠯ ᠪᠠ ᠲᠤᠭᠤ ᠤᠨ ᠨᠠᠪᠴᠢᠲᠤ ᠱᠢᠷᠦ ᠶᠢᠨ ᠭᠯᠢᠺᠤᠰᠢᠳ᠋ ᠢ ᠨᠢᠮᠬᠡᠨ ᠳᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠷᠭ᠎ᠠ ᠪᠠᠷ ᠢᠯᠭᠠᠨ ᠲᠠᠨᠢᠬᠤ ᠳᠤ ᠲᠤᠷᠰᠢᠯᠲᠠ ᠶᠢᠨ ᠪᠠᠷᠢᠮᠲᠠ ᠶᠢ ᠬᠠᠩ᠋ᠭᠠᠨ᠎ᠠ᠃ ᠠᠷᠭ᠎ᠠ᠄ ᠨᠢᠮᠬᠡᠨ ᠳᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠨᠠᠯᠢᠰ ᠤᠨ ᠠᠷᠭ᠎ᠠ ᠪᠠᠷ ᠠᠮᠳᠠᠳᠤ ᠵᠡᠭᠡᠰᠦ ᠳᠦ ᠬᠢ ᠴᠤᠯᠤᠮᠠᠭᠠᠢ ᠵᠢᠭᠠᠷᠲᠤ ᠮᠤᠳᠤᠨ ᠠᠯᠺᠤᠤᠯ ᠪᠠ ᠲᠤᠭᠤᠷ ᠤᠨ ᠨᠠᠪᠴᠢᠲᠤ ᠱᠢᠷᠦ ᠶᠢᠨ ᠭᠯᠢᠺᠤᠰᠢᠳ᠋ ᠢ ᠪᠠᠷᠢᠮᠵᠢᠶ᠎ᠠ ᠬᠠᠷᠢᠴᠠᠭᠤᠯᠤᠭᠴᠢ ᠪᠤᠳᠠᠰ ᠲᠠᠢ ᠬᠠᠷᠢᠴᠠᠭᠤᠯᠵᠤ᠂ ᠴᠢᠨᠠᠷ ᠤᠨ ᠲᠠᠯ᠎ᠠ ᠪᠠᠷ ᠨᠢ ᠢᠯᠭᠠᠪᠤᠷᠢᠯᠪᠠ᠃ ᠦᠷ᠎ᠡ ᠳ᠋ᠦᠩ᠄ ᠠᠮᠳᠠᠳᠤ ᠵᠡᠭᠡᠰᠦ ᠶᠢᠨ ᠦᠯᠢᠭᠡᠷ ᠡᠳ᠋ ᠦᠨ ᠨᠢᠮᠬᠡᠨ ᠳᠠᠪᠬᠤᠷᠭ᠎ᠠ ᠶᠢᠨ ᠦᠩᠭᠡ ᠶᠢᠨ ᠵᠢᠭ᠌ᠰᠠᠯ ᠳᠤᠲᠤᠷ᠎ᠠ᠂ ᠴᠤᠯᠤᠮᠠᠭᠠᠢ ᠵᠢᠭᠠᠷᠲᠤ ᠮᠤᠳᠤᠨ ᠠᠯᠺᠤᠤᠯ ᠤᠨ ᠪᠠᠷᠢᠮᠵᠢᠶ᠎ᠠ ᠬᠠᠷᠢᠴᠠᠭᠤᠯᠤᠭᠴᠢ ᠪᠤᠳᠠᠰ ᠪᠠ ᠲᠤᠭᠤᠷ ᠤᠨ ᠨᠠᠪᠴᠢᠲᠤ ᠱᠢᠷᠦ ᠶᠢᠨ ᠭᠯᠢᠺᠤᠰᠢᠳ᠋ ᠦᠨ ᠪᠠᠷᠢᠮᠵᠢᠶ᠎ᠠ ᠬᠠᠷᠢᠴᠠᠭᠤᠯᠤᠭᠴᠢ ᠪᠤᠳᠠᠰ ᠤᠨ ᠨᠢᠮᠬᠡᠨ ᠳᠠᠪᠬᠤᠷᠭ᠎ᠠ ᠶᠢᠨ ᠦᠩᠭᠡ ᠶᠢᠨ ᠵᠢᠭ᠌ᠰᠠᠯ ᠯᠤᠭ᠎ᠠ ᠬᠠᠷᠠᠭᠠᠯᠵᠠᠭᠰᠠᠨ ᠪᠠᠢ᠌ᠷᠢ (ᠠᠳᠠᠯᠢ Rt ᠬᠡᠮᠵᠢᠭᠳᠡᠯ)᠎ ᠳᠡᠭᠡᠷ᠎ᠡ ᠠᠳᠠᠯᠢ ᠦᠩᠭᠡ ᠲᠡᠢ ᠲᠤᠯᠪᠤ ᠲᠤᠰ ᠲᠤᠰ ᠢᠯᠡᠷᠡᠵᠡᠢ᠃ ᠡᠨᠡ ᠨᠢ ᠠᠮᠳᠠᠳᠤ ᠵᠡᠭᠡᠰᠦ ᠳᠦ ᠴᠤᠯᠤᠮᠠᠭᠠᠢ ᠵᠢᠭᠠᠷᠲᠤ ᠮᠤᠳᠤᠨ ᠠᠯᠺᠤᠤᠯ ᠪᠠ ᠲᠤᠭᠤᠷ ᠤᠨ ᠨᠠᠪᠴᠢᠲᠤ ᠱᠢᠷᠦ ᠶᠢᠨ ᠭᠯᠢᠺᠤᠰᠢᠳ᠋ ᠭᠡᠬᠦ 2 ᠵᠤᠢ᠌ᠯ ᠤᠨ ᠬᠢᠮᠢ ᠶᠢᠨ ᠪᠦᠷᠢᠯᠳᠦᠭᠦᠨ ᠠᠭᠤᠯᠤᠭᠳᠠᠵᠤ ᠪᠠᠢ᠌ᠬᠤ ᠶᠢ ᠠᠩ᠋ᠬ᠎ᠠ ᠠᠯᠬᠤᠮ ᠬᠠᠷᠠᠭᠤᠯᠵᠤ ᠪᠤᠢ᠃ ᠳ᠋ᠦᠩᠨᠡᠯᠲᠡ᠄ ᠮᠣᠩ᠋ᠭᠤᠯ ᠡᠮ ᠠᠮᠳᠠᠳᠤ ᠵᠡᠭᠡᠰᠦ ᠳᠦ ᠬᠢ ᠴᠤᠯᠤᠮᠠᠭᠠᠢ ᠵᠢᠭᠠᠷᠲᠤ ᠮᠤᠳᠤᠨ ᠠᠯᠺᠤᠤᠯ ᠪᠠ ᠲᠤᠭᠤᠷ ᠤᠨ ᠨᠠᠪᠴᠢᠲᠤ ᠱᠢᠷᠦ ᠶᠢᠨ ᠭᠯᠢᠺᠤᠰᠢᠳ᠋ ᠢ ᠢᠯᠭᠠᠨ ᠲᠠᠨᠢᠵᠤ᠂ ᠠᠮᠳᠠᠳᠤ ᠵᠡᠭᠡᠰᠦ ᠶᠢᠨ ᠴᠢᠨᠠᠷ ᠴᠢᠨᠰᠠᠭ᠎ᠠ ᠶᠢ ᠡᠵᠡᠮᠰᠢᠬᠦ ᠳᠦ ᠨᠢᠮᠬᠡᠨ ᠳᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠷᠭ᠎ᠠ ᠶᠢ ᠬᠡᠷᠡᠭᠯᠡᠵᠦ ᠪᠤᠯᠤᠨ᠎ᠠ᠃
Original Literature View Original Paper
出自 内蒙古民族大学学报(蒙医药学) 2010年 第2期

联系我们


内蒙古大学图书馆
呼和浩特市大学西路235号
中国·内蒙古
P: (0471) 4992561
E: huangfeilong@imu.edu.cn