Title |
ᠶᠤᠸᠠᠨ ᠤᠯᠤᠰ ᠤᠨ ᠦᠶ᠎ᠡ ᠶᠢᠨ ᠮᠣᠩ᠋ᠭᠤᠯ ᠬᠢᠲᠠᠳ ᠤᠷᠠᠨ ᠵᠤᠬᠢᠶᠠᠯ ᠤᠨ ᠬᠠᠷᠢᠴᠠᠭᠠᠨ ᠤ ᠲᠤᠬᠠᠢ ᠲᠤᠢ᠌ᠮᠤᠴᠢᠯᠠᠨ ᠦᠭᠦᠯᠡᠬᠦ ᠨᠢ |
Creator |
ᠶᠦᠨ ᠹᠧᠩ |
Keyword |
ᠶᠤᠸᠠᠨ ᠤᠯᠤᠰ; ᠮᠣᠩ᠋ᠭᠤᠯ ᠬᠢᠲᠠᠳ ᠦᠨᠳᠦᠰᠦᠲᠡᠨ ᠦ ᠬᠤᠭᠤᠷᠤᠨᠳᠤᠬᠢ ᠬᠠᠷᠢᠴᠠᠭ᠎ᠠ; ᠤᠷᠠᠨ ᠵᠤᠬᠢᠶᠠᠯ; ᠨᠦᠯᠦᠭᠡ ᠳᠤᠰᠬᠠᠯ |
Abstract |
ᠦᠭᠦᠯᠡᠯ ᠳᠦ ᠶᠤᠸᠠᠨ ᠤᠯᠤᠰ ᠤᠨ ᠦᠶ᠎ᠡ ᠳᠦ ᠮᠣᠩ᠋ᠭᠤᠯ ᠬᠢᠲᠠᠳ ᠬᠤᠶᠠᠷ ᠦᠨᠳᠦᠰᠦᠲᠡᠨ ᠦ ᠬᠤᠭᠤᠷᠤᠨᠳᠤᠬᠢ ᠰᠤᠶᠤᠯ ᠤᠨ ᠰᠤᠯᠢᠯᠴᠠᠭ᠎ᠠ ᠤᠷᠢᠳ ᠡᠮᠦᠨ᠎ᠡ ᠭᠠᠷᠤᠭ᠎ᠠ ᠦᠭᠡᠢ ᠦᠷᠨᠢᠩᠭᠦᠢ ᠶᠠᠪᠤᠭᠳᠠᠵᠤ ᠪᠠᠢ᠌ᠭᠰᠠᠨ ᠪᠦᠭᠡᠳ ᠮᠣᠩ᠋ᠭᠤᠯ ᠬᠢᠲᠠᠳ ᠤᠷᠠᠨ ᠵᠤᠬᠢᠶᠠᠯ ᠬᠤᠭᠤᠷᠤᠨᠳᠤ ᠪᠠᠨ ᠦᠷᠭᠡᠨ ᠳᠡᠯᠭᠡᠷ ᠬᠠᠷᠢᠴᠠᠭ᠎ᠠ ᠬᠤᠯᠪᠤᠭ᠎ᠠ ᠪᠠ ᠨᠦᠯᠦᠭᠡ ᠳᠤᠰᠬᠠᠯ ᠭᠠᠷᠴᠤ᠂ ᠰᠢ ᠵᠦᠴᠦᠭᠡ᠂ ᠳᠠᠭᠤᠤᠷᠠᠢ ᠪᠠ ᠰᠢᠯᠦᠭ ᠳᠠᠭᠤᠯᠠᠯ ᠵᠡᠷᠭᠡ ᠶᠤᠸᠠᠨ ᠤᠯᠤᠰ ᠤᠨ ᠦᠶ᠎ᠡ ᠶᠢᠨ ᠭᠤᠤᠯ ᠪᠤᠯᠬᠤ ᠤᠷᠠᠨ ᠵᠤᠬᠢᠶᠠᠯ ᠤᠨ ᠬᠡᠯᠪᠡᠷᠢ ᠮᠠᠶᠢᠭ ᠳᠡᠭᠡᠷ᠎ᠡ ᠪᠤᠳᠠᠲᠠᠢ ᠢᠯᠡᠷᠡᠯ ᠢᠶᠡᠨ ᠣᠯᠣᠭᠰᠠᠨ ᠭᠡᠵᠦ ᠦᠵᠡᠭᠰᠡᠨ ᠪᠦᠭᠡᠳ ᠲᠡᠷᠡᠴᠢᠯᠡᠨ ᠮᠣᠩ᠋ᠭᠤᠯ ᠦᠨᠳᠦᠰᠦᠲᠡᠨ ᠦ ᠰᠤᠶᠤᠯ ᠨᠢ ᠶᠤᠸᠠᠨ ᠤᠯᠤᠰ ᠤᠨ ᠦᠶ᠎ᠡ ᠶᠢᠨ ᠰᠢ ᠵᠦᠴᠦᠭᠡ᠂ ᠳᠠᠭᠤᠤᠷᠠᠢ᠂ ᠰᠢᠯᠦᠭ ᠳᠠᠭᠤᠯᠠᠯ ᠤᠨ ᠵᠤᠬᠢᠶᠠᠨ ᠪᠦᠲᠦᠭᠡᠯᠭᠡ ᠳᠦ ᠶᠡᠬᠡᠬᠡᠨ ᠨᠦᠯᠦᠭᠡ ᠦᠵᠡᠭᠦᠯᠪᠡ ᠭᠡᠵᠡᠢ᠃ ᠮᠣᠩ᠋ᠭᠤᠯᠴᠤᠳ ᠤᠨ ᠨᠢᠭᠡ ᠪᠦᠯᠦᠭ ᠪᠢᠴᠢᠭ᠌ ᠦᠨ ᠬᠦᠮᠦᠨ᠂ ᠡᠷᠳᠡᠮᠲᠡᠨ ᠮᠡᠷᠭᠡᠳ ᠪᠡ ᠬᠠᠭᠠᠨ ᠲᠦᠰᠢᠮᠡᠳ ᠬᠢᠲᠠᠳ ᠬᠡᠯᠡ ᠪᠡᠷ ᠲᠤᠩ ᠣᠯᠠᠨ ᠤᠷᠠᠨ ᠵᠤᠬᠢᠶᠠᠯ ᠤᠨ ᠪᠦᠲᠦᠭᠡᠯ ᠢ ᠲᠤᠭᠤᠷᠪᠢᠨ ᠬᠤᠴᠤᠷᠭᠠᠭᠰᠠᠨ ᠤ ᠬᠠᠮᠲᠤ ᠬᠢᠲᠠᠳ ᠦᠨᠳᠦᠰᠦᠡᠨ ᠦ ᠪᠢᠴᠢᠭ᠌ ᠦᠨ ᠬᠦᠮᠦᠨ ᠮᠦᠨ ᠮᠣᠩ᠋ᠭᠤᠯ ᠦᠨᠳᠦᠰᠦᠲᠡᠨ ᠦ ᠠᠮᠢᠳᠤᠷᠠᠯ ᠢ ᠳᠤᠰᠬᠠᠨ ᠬᠠᠷᠠᠭᠤᠯᠤᠭᠰᠠᠨ ᠤᠷᠠᠨ ᠵᠤᠬᠢᠶᠠᠯ ᠤᠨ ᠪᠦᠲᠦᠭᠡᠯ ᠢ ᠲᠤᠭᠤᠷᠪᠢᠭᠰᠠᠨ ᠪᠦᠭᠡᠳ ᠠᠮᠵᠢᠯᠲᠠ ᠨᠢ ᠭᠤᠤᠯᠳᠠᠭᠤᠤ ᠰᠢᠯᠦᠭ ᠳᠠᠭᠤᠯᠠᠯ ᠳᠤ ᠢᠯᠡᠷᠡᠯ ᠢᠶᠡᠨ ᠣᠯᠣᠭᠰᠠᠨ ᠪᠦᠭᠡᠳ ᠶᠤᠸᠠᠨ ᠤᠯᠤᠰ ᠤᠨ ᠦᠶ᠎ᠡ ᠶᠢᠨ ᠮᠣᠩ᠋ᠭᠤᠯ ᠬᠢᠲᠠᠳ ᠤᠷᠠᠨ ᠵᠤᠬᠢᠶᠠᠯ ᠤᠨ ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠨᠦᠯᠦᠭᠡ ᠳᠤᠰᠬᠠᠯ ᠤᠨ ᠲᠤᠬᠠᠢ ᠰᠤᠳᠤᠯᠭᠠᠨ ᠬᠢᠬᠦ ᠨᠢ ᠶᠤᠸᠠᠨ ᠤᠯᠤᠰ ᠤᠨ ᠤᠷᠠᠨ ᠵᠤᠬᠢᠶᠠᠯ ᠤᠨ ᠤᠭ ᠳᠦᠷᠰᠦ ᠶᠢ ᠲᠤᠳᠤᠷᠠᠭᠤᠯᠬᠤ ᠪᠠ ᠣᠯᠠᠨ ᠦᠨᠳᠦᠰᠦᠲᠡᠨ ᠦ ᠬᠤᠭᠤᠷᠤᠨᠳᠤᠬᠢ ᠰᠤᠶᠤᠯ ᠤᠨ ᠰᠤᠯᠢᠯᠴᠠᠭᠠᠨ ᠤ ᠪᠠᠢ᠌ᠳᠠᠯ ᠢ ᠳᠡᠯᠭᠡᠨ ᠦᠵᠡᠭᠦᠯᠬᠦ ᠳᠦ ᠪᠤᠰᠤᠳ ᠲᠠᠯ᠎ᠠ ᠶᠢᠨ ᠰᠤᠳᠤᠯᠭᠠᠨ ᠢᠶᠠᠷ ᠣᠷᠤᠭᠤᠵ ᠪᠤᠯᠤᠰᠢ ᠦᠭᠡᠢ ᠴᠢᠬᠤᠯᠠ ᠦᠢᠯᠡᠳᠦᠯ ᠲᠡᠢ ᠪᠠᠢ᠌ᠳᠠᠭ ᠭᠡᠪᠡ᠃ |
Original Literature |
View Original Paper
|
出自 |
中国蒙古学
2005年
第5期
|