Paper Information


Title ᠮᠤᠩᠭᠤᠯ ᠤᠷᠠᠨ ᠵᠤᠬᠢᠶᠠᠯ ᠳ᠋ᠡᠬᠢ ᠠᠮᠢ ᠠᠬᠤᠢ ᠶᠢᠨ ᠤᠳᠬ᠎ᠡ ᠰᠡᠳᠤᠪ ᠤᠨ ᠰᠤᠷᠪᠤᠯᠵᠢ
Creator ᠴᠢᠯᠠᠭ᠋ᠤ
Keyword ᠠᠮᠢ ᠠᠬᠤᠢ; ᠤᠳᠬ᠎ᠡ ᠰᠡᠳᠤᠪ; ᠰᠤᠷᠪᠤᠯᠵᠢ
Abstract ᠠᠮᠢ ᠠᠬᠤᠢ ᠶᠢᠨ ᠤᠳᠬ᠎ᠡ ᠰᠡᠳᠤᠪ ᠪᠤᠯ ᠮᠤᠩᠭᠤᠯ ᠤᠷᠠᠨ ᠵᠤᠬᠢᠶᠠᠯ ᠤᠨ ᠢᠵᠠᠭ᠋ᠤᠷ ᠡᠷᠳᠡᠨ ᠤ ᠤᠯᠠᠮᠵᠢᠯᠡᠯ ᠶᠤᠮ᠃ ᠲᠡᠷᠡ ᠨᠢ ᠤᠳᠤ ᠦᠶ᠎ᠡ ᠶᠢᠨ ᠠᠮᠢ ᠠᠬᠤᠢ ᠶᠢᠨ ᠤᠷᠠᠨ ᠵᠤᠬᠢᠶᠠᠯ ᠤᠨ ᠬᠦᠭᠵᠢᠯ ᠦᠷᠭᠡᠵᠢᠯ ᠢ ᠲᠠᠭ᠋ᠠᠯᠳᠤᠨ ᠲᠦᠷᠦᠭᠳᠡᠭᠰᠡᠨ ᠶᠢᠡᠷ ᠲᠠᠢᠯᠪᠤᠷᠢᠯᠠᠭᠳᠠᠬᠤ ᠦᠭᠡᠢ᠃ ᠲᠡᠬᠦᠨ ᠤ ᠬᠦᠨ ᠵᠤᠵᠠᠭ᠋ᠠᠨ ᠦᠨᠳᠤᠰᠤ ᠰᠤᠷᠪᠤᠯᠵᠢ ᠨᠢ ᠰᠤᠶᠤᠯ ᠤᠨ ᠤᠨᠴᠠᠯᠢᠭ᠂ ᠱᠠᠰᠢᠨ ᠰᠢᠳᠤᠯᠭᠡ ᠲᠠᠢ ᠪᠠᠨ ᠨᠢᠭᠳᠠ ᠤᠶᠠᠯᠳᠤᠵᠦ ᠪᠠᠢᠳᠠᠭ᠃ ᠮᠤᠩᠭᠤᠯ ᠠᠷᠠᠳ ᠤᠨ ᠠᠮᠠᠨ ᠵᠤᠬᠢᠶᠠᠯ ᠤᠨ ᠠᠭ᠋ᠤᠯᠭ᠎ᠡ ᠤᠳᠬ᠎ᠡ ᠪᠠ ᠰᠤᠷᠪᠤᠯᠵᠢ ᠪᠢᠴᠢᠭ ᠲᠤ ᠲᠠᠮᠳᠡᠭᠯᠡᠭᠳᠡᠭᠰᠡᠨ ᠵᠠᠩᠰᠢᠯ ᠤᠨ ᠬᠠᠤᠯᠢ ᠲᠡᠷᠢᠭᠦᠨᠳᠡᠨ ᠨᠢ ᠡᠬᠦᠨ ᠳᠤ ᠪᠠᠷᠢᠮᠳᠠ ᠪᠤᠯᠵᠦ ᠪᠠᠢᠭ᠎ᠡ ᠶᠤᠮ᠃ ᠤᠳᠤ ᠦᠶ᠎ᠡ ᠶᠢᠨ ᠠᠮᠢ ᠠᠬᠤᠢ ᠶᠢᠨ ᠤᠷᠠᠨ ᠵᠤᠬᠢᠶᠠᠯ ᠤᠨ ᠤᠳᠬ᠎ᠡ ᠰᠡᠳᠤᠪ ᠤᠨ ᠰᠤᠷᠪᠤᠯᠵᠢ ᠨᠢ ᠠᠷᠠᠳ ᠤᠨ ᠠᠮᠠᠨ ᠵᠤᠬᠢᠶᠠᠯ ᠪᠠ ᠵᠠᠩᠰᠢᠯ ᠤᠨ ᠬᠠᠤᠯᠢ ᠡᠴᠨ ᠤᠯᠪᠠᠭ᠎ᠡ ᠲᠠᠢ᠃
Original Literature View Original Paper
出自 蒙古学研究 2013年 第3期

联系我们


内蒙古大学图书馆
呼和浩特市大学西路235号
中国·内蒙古
P: (0471) 4992561
E: huangfeilong@imu.edu.cn