Abstract |
ᠬᠤᠪᠢᠯᠠᠢ ᠰᠡᠴᠡᠨ ᠬᠠᠭᠠᠨ ᠪᠣᠯ 《ᠮᠦᠩᠬᠡ ᠲᠡᠭᠷᠢ ᠶᠢᠨ ᠬᠦᠴᠦᠨ ᠳ᠋ᠤᠷ ᠴᠢᠩᠾᠢᠰ ᠬᠠᠭᠠᠨ ᠤ ᠬᠦᠴᠦᠨ ᠰᠤᠤ ᠳ᠋ᠤᠷ》 ᠰᠢᠲᠦᠵᠦ ᠮᠡᠨᠳᠦᠯᠡᠭᠰᠡᠨ ᠲᠡᠯᠡᠬᠡᠢ ᠶᠢᠨ ᠲᠡᠦᠬᠡᠨ ᠳ᠋ᠡᠬᠢ ᠬᠠᠮᠤᠭ ᠤᠨ ᠲᠣᠮᠤ ᠭᠠᠵᠠᠷ ᠨᠤᠲᠤᠭ ᠢ ᠡᠵᠡᠯᠡᠭᠰᠡᠨ᠂ ᠬᠠᠮᠤᠭ ᠤᠨ ᠤᠯᠠᠨ ᠦᠨᠳᠦᠰᠦᠲᠡᠨ ᠤᠭᠰᠠᠭᠠᠲᠠᠨ ᠢ ᠨᠢᠭᠡᠳᠭᠡᠭᠰᠡᠨ ᠪᠠᠭᠠᠲᠤᠷᠯᠢᠭ ᠡᠵᠡᠨ 《ᠣᠷᠴᠢᠯᠠᠩ ᠤᠨ ᠮᠢᠩᠭᠠᠨ ᠠᠯᠲᠠᠨ ᠬᠦᠷᠳᠦᠨ ᠢ ᠡᠷᠬᠢᠬᠦᠯᠦᠭᠴᠢ》ᠴᠡᠭᠷᠠᠸᠠᠷᠳᠢ ᠬᠠᠭᠠᠨ ᠮᠦᠨ᠃ ᠦᠭᠦᠯᠡᠯ ᠳ᠋ᠤ ᠮᠣᠩᠭᠤᠯ ᠲᠡᠦᠭᠡᠨ ᠰᠡᠳᠦᠪᠲᠦ ᠷᠤᠮᠠᠨ ᠢᠢᠡᠷ ᠰᠣᠳᠤᠯᠤᠭᠳᠠᠬᠤᠨ ᠪᠣᠯᠭᠠᠵᠤ᠂ ᠮᠣᠩᠭᠤᠯ ᠤᠨ ᠠᠯᠲᠠᠨ ᠤᠷᠤᠭᠲᠠᠨ ᠤ ᠰᠤᠤᠲᠤ ᠬᠦᠪᠡᠭᠦᠨ ᠲᠢᠪ ᠢᠢᠡᠨ ᠬᠠᠭᠠᠨ ᠬᠡᠮᠡᠭᠳᠡᠭᠰᠡᠨ ᠬᠣᠪᠢᠯᠠᠢ ᠰᠡᠴᠡᠨ ᠬᠠᠭᠠᠨ ᠤ ᠲᠣᠬᠠᠢ ᠲᠡᠦᠬᠡᠨ ᠬᠦᠦᠷᠨᠢᠯ ᠢ ᠨᠡᠢᠭᠡᠮ-ᠲᠡᠦᠬᠡ ᠶᠢᠨ ᠰᠢᠬᠦᠮᠵᠢ ᠶᠢᠨ ᠬᠠᠷᠠᠭ᠎ᠠ ᠡᠴᠡ ᠲᠠᠢᠯᠤᠯ ᠬᠢᠬᠦ ᠵᠢ ᠵᠣᠷᠢᠪᠠ᠃ |