Title |
ᠦᠢᠯᠡ ᠦᠭᠡ ᠶᠢᠨ ᠦᠢᠯᠡᠳᠦᠭᠳᠡᠬᠦ ᠬᠡᠪ ᠦᠨ ᠬᠡᠯᠪᠷᠢ 《᠌ ᠭᠳᠠ / ᠍ᠭᠳᠠ᠂ ᠳᠠ》᠋ ᠶᠢᠨ ᠤᠳᠬ᠎ᠠ ᠶᠢᠨ ᠣᠨᠴᠠᠯᠢᠭ᠂ ᠬᠡᠷᠡᠭᠯᠡᠭᠡᠨ ᠦ ᠴᠢᠳᠠᠮᠵᠢ ᠶᠢᠨ ᠪᠦᠷᠢᠯᠳᠦᠯ ᠬᠦᠭ᠍ᠵᠢᠯ ᠬᠢᠭᠡᠳ ᠲᠠᠨᠢᠨ ᠮᠡᠳᠡᠬᠦᠢ ᠶᠢᠨ ᠦᠨᠳᠦᠰᠦᠯᠡᠯ |
Creator |
ᠯ᠂ ᠲᠤᠭᠲᠠᠮᠪᠠᠶᠠᠷ |
Keyword |
ᠪᠡᠶᠡᠴᠢ ᠲᠠᠯ᠎ᠠ ᠪᠠ ᠪᠤᠰᠤᠳᠴᠢ ᠲᠠᠯ᠎ᠠ ᠶᠢᠨ ᠲᠠᠨᠢᠨ ᠮᠡᠳᠡᠭᠦᠢ ᠶᠢᠨ ᠬᠡᠯᠪᠡᠷᠢ; ᠳᠤᠪᠤᠢ᠌ᠯᠭᠠᠨ ᠢᠯᠡᠳᠭᠡᠬᠦ ᠲᠠᠨᠢᠨ ᠮᠡᠳᠡᠭᠦᠢ ᠶᠢᠨ ᠬᠡᠯᠪᠡᠷᠢ; ᠬᠡᠪ ᠦᠨ ᠠᠢ ᠶᠢᠨ ᠲᠤᠭᠲᠠᠯᠴᠠᠭ᠎ᠠ |
Abstract |
ᠦᠭᠦᠯᠡᠯ ᠳᠦ ᠮᠣᠩ᠋ᠭᠤᠯ ᠬᠡᠯᠡᠨ ᠦ ᠦᠢᠯᠡ ᠦᠭᠡ ᠶᠢᠨ ᠦᠢᠯᠡᠳᠦᠭᠳᠡᠬᠦ ᠬᠡᠪ ᠦᠨ ᠬᠡᠯᠪᠡᠷᠢ 《《᠌ ᠭᠳᠠ / ᠍ᠭᠳᠠ᠂ ᠳᠠ》᠋ ᠋ ᠶᠢᠨ ᠤᠳᠬ᠎ᠠ ᠶᠢᠨ ᠣᠨᠴᠠᠯᠢᠭ ᠬᠢᠭᠡᠳ ᠬᠡᠷᠡᠭᠯᠡᠭᠡᠨ ᠦ ᠴᠢᠳᠠᠮᠵᠢ ᠶᠢᠨ ᠪᠦᠷᠢᠯᠳᠦᠯ ᠬᠦᠭ᠍ᠵᠢᠯ ᠢ ᠰᠢᠨᠵᠢᠯᠡᠵᠡᠢ᠃ ᠰᠢᠨᠵᠢᠯᠡᠭᠡᠨ ᠦ ᠳ᠋ᠦᠩ ᠳᠦ᠂ ᠦᠢᠯᠡᠳᠦᠭᠳᠡᠬᠦ ᠬᠡᠪ ᠦᠨ ᠬᠡᠯᠪᠡᠷᠢ 《᠌ ᠭᠳᠠ / ᠍ᠭᠳᠠ᠂ ᠳᠠ》᠋ ᠳᠤᠮᠳᠠᠳᠤ ᠵᠠᠭᠤᠨ ᠤ ᠡᠬᠢᠨ ᠦ ᠦᠶ᠎ᠡ ᠶᠢᠨ ᠮᠣᠩ᠋ᠭᠤᠯ ᠬᠡᠯᠡᠨ ᠳᠦ ᠪᠡᠶᠡᠴᠢ ᠲᠠᠯ᠎ᠠ ᠪᠠ ᠪᠤᠰᠤᠳᠴᠢ ᠲᠠᠯ᠎ᠠ ᠶᠢᠨ ᠬᠠᠷᠢᠴᠠᠭᠠᠨ ᠳᠤ ᠬᠦᠯᠢᠶᠡᠰᠦᠯᠡᠭᠳᠡᠵᠦ᠂ ᠦᠢᠯᠡᠳᠦᠭᠳᠡᠬᠦ ᠤᠳᠬ᠎ᠠ ᠶᠢ ᠢᠯᠡᠳᠭᠡᠵᠦ ᠪᠠᠢ᠌ᠭᠰᠠᠨ ᠠᠴᠠ ᠪᠠᠨ ᠳᠤᠮᠳᠠ ᠦᠶ᠎ᠡ ᠬᠦᠷᠦᠭᠡᠳ ᠦᠨᠳᠦᠰᠦᠨ ᠬᠤᠪᠢᠷᠠᠯᠲᠠ ᠭᠠᠷᠴᠤ᠂ ᠦᠢᠯᠡᠳᠦᠭᠳᠡᠭᠴᠢ ᠶᠢ ᠳᠤᠪᠤᠢ᠌ᠯᠭᠠᠨ ᠢᠯᠡᠳᠭᠡᠬᠦ᠂ ᠠᠰᠢᠭ ᠬᠦᠷᠲᠡᠬᠦ᠂ ᠣᠷᠤᠨ ᠤ ᠰᠢᠯᠵᠢᠯᠲᠡ ᠡᠭᠦᠰᠬᠦ᠂ ᠣᠢ᠌ᠯᠠᠭᠠᠯᠲᠠ ᠲᠠᠨᠢᠯᠲᠠ ᠲᠠᠢ ᠪᠤᠯᠬᠤ᠂ ᠬᠤᠬᠢᠷᠠᠯ ᠠᠮᠰᠠᠬᠤ᠂ ᠪᠡᠶᠡᠴᠢ ᠰᠡᠷᠡᠭᠳᠡᠯ ᠭᠡᠬᠦ ᠮᠡᠲᠦ ᠶᠢᠨ ᠲᠠᠨᠢᠨ ᠮᠡᠳᠡᠭᠦᠢ ᠶᠢᠨ ᠠᠷᠭ᠎ᠠ ᠪᠠᠷᠢᠯ ᠪᠠ ᠤᠳᠬ᠎ᠠ ᠶᠢᠨ ᠣᠯᠠᠨ ᠲᠠᠯ᠎ᠠ ᠶᠢᠨ ᠬᠢᠵᠠᠭᠠᠷᠯᠠᠯ ᠢ ᠬᠦᠷᠲᠡᠵᠦ ᠦᠢᠯᠡᠳᠦᠭᠳᠡᠬᠦ ᠤᠳᠬ᠎ᠠ ᠶᠢ ᠢᠯᠡᠳᠭᠡᠬᠦ ᠪᠤᠯᠤᠭᠰᠠᠨ ᠪᠠᠢ᠌ᠨ᠎ᠠ ᠭᠡᠵᠦ ᠦᠡᠵᠡᠢ᠃ |
Original Literature |
View Original Paper
|
出自 |
蒙古学研究
2010年
第2期
|