Paper Information


Title 《ᠮᠣᠩᠭᠤᠯ ᠤᠨ ᠨᠢᠭᠤᠴᠠ ᠲᠤᠪᠴᠢᠶᠠᠨ》 ᠳᠠᠬᠢ ᠲᠤᠲ᠋ᠧᠮ ᠰᠢᠲᠦᠯᠭᠡ
Creator ᠸᠠᠩ ᠢᠦᠢ ᠬᠤᠩ
Keyword 《ᠮᠣᠩᠭᠤᠯ ᠤᠨ ᠨᠢᠭᠤᠴᠠ ᠲᠤᠪᠴᠢᠶᠠᠨ》; ᠲᠤᠲ᠋ᠧᠮ ᠰᠢᠲᠦᠯᠭᠡ; ᠲᠤᠲ᠋ᠧᠮ ᠰᠡᠳᠬᠢᠭᠦᠢ
Abstract ᠲᠤᠲ᠋ᠧᠮ ᠪᠤᠯ ᠬᠦᠮᠦᠨ ᠲᠦᠷᠦᠯᠬᠢᠲᠡᠨ ᠦ ᠪᠠᠯᠠᠷᠯᠢᠭ ᠦᠶ᠎ᠡ ᠶᠢᠨ ᠣᠪᠤᠭ ᠲᠦᠷᠦᠯ᠂ ᠤᠭᠰᠠᠭ᠎ᠠ ᠠᠢᠮᠠᠭ ᠤᠳ ᠦᠪᠡᠷ ᠢ ᠪᠡᠨ ᠶᠠᠮᠠᠷ ᠨᠢᠭᠡᠨ ᠠᠮᠢᠲᠠᠨ ᠪᠤᠶᠤ ᠨᠢᠭᠡᠨ ᠤᠷᠭᠤᠮᠠᠯ ᠡᠰᠡᠭᠦᠯ᠎ᠡ ᠪᠠᠢᠭᠠᠯᠢ ᠶᠢᠨ ᠶᠠᠮᠠᠷ ᠨᠢᠭᠡᠨ ᠦᠵᠡᠭᠳᠡᠯ ᠲᠡᠢ ᠣᠢᠷ᠎ᠠ ᠲᠦᠷᠦᠯ ᠪᠤᠯᠬᠤ ᠮᠦᠷᠲᠡᠭᠡᠨ ᠲᠡᠷᠡ ᠬᠦ ᠠᠮᠢᠲᠠᠨ ᠤᠷᠭᠤᠮᠠᠯ ᠠᠴᠠ ᠬᠤᠪᠢᠶᠠᠵᠤ ᠢᠷᠡᠭᠰᠡᠨ᠂ ᠮᠦᠨ ᠲᠡᠷᠡ ᠬᠦ ᠠᠮᠢᠲᠠᠨ ᠤᠷᠭᠤᠮᠠᠯ ᠢᠶᠠᠷ ᠰᠦᠭ ᠰᠦᠯᠳᠡ ᠪᠡᠨ ᠪᠤᠯᠭᠠᠳᠠᠭ ᠪᠤᠳᠠᠰ ᠳᠤᠬᠢᠶ ᠠ ᠶᠢᠨ ᠶᠠᠭᠤᠮ᠎ᠠ ᠮᠦᠨ ᠭᠡᠵᠦ ᠦᠵᠡᠳᠡᠭ᠃ ᠦᠭᠦᠯᠡᠯ ᠳᠦ᠂ ᠭᠤᠤᠯᠳᠠᠭᠤ 《ᠮᠣᠩᠭᠤᠯ ᠤᠨ ᠨᠢᠭᠤᠴᠠ ᠲᠤᠪᠴᠢᠶᠠᠨ》 ᠳᠠᠬᠢ ᠬᠡᠳᠦᠨ ᠰᠤᠩᠭᠤᠳᠠᠭ ᠵᠢᠱᠢᠶ᠎ᠡ ᠳᠦ ᠰᠠᠭᠤᠷᠢᠯᠠᠨ᠂ 《ᠪᠤᠭᠤ》 ᠶᠢ ᠮᠣᠩᠭᠤᠯ ᠤᠭᠰᠠᠭᠠᠲᠠᠨ ᠤ ᠣᠩᠭᠤᠨ ᠲᠤᠲ᠋ᠧᠮ᠂ 《ᠴᠢᠨᠤ᠎ᠠ》 ᠶᠢ ᠮᠣᠩᠭᠤᠯ ᠦᠨᠳᠦᠰᠦᠲᠡᠨ ᠦ ᠲᠤᠲ᠋ᠧᠮ ᠰᠢᠲᠦᠯᠭᠡ᠂ 《ᠴᠠᠭᠠᠨ ᠱᠤᠩᠬᠤᠷ》 ᠢ ᠡᠷᠲᠡᠨ ᠦ ᠮᠣᠩᠭᠤᠯᠴᠤᠳ ᠤᠨ ᠲᠤᠲ᠋ᠧᠮ ᠰᠦᠯᠳᠡ ᠬᠡᠮᠡᠨ ᠦᠵᠡᠵᠦ᠂ ᠡᠷᠲᠡᠨ ᠦ ᠮᠣᠩᠭᠤᠯᠴᠤᠳ ᠤᠨ ᠪᠠᠯᠠᠷᠯᠢᠭ ᠰᠡᠳᠬᠢᠭᠦᠢ ᠶᠢᠨ ᠰᠢᠲᠦᠬᠡᠴᠢᠯᠡᠭᠰᠡᠨ ᠠᠭᠤᠯᠭ᠎ᠠ ᠬᠡᠯᠪᠡᠷᠢ ᠶᠢ ᠲᠤᠲ᠋ᠧᠮ ᠦᠨ ᠤᠳᠬ᠎ᠠ ᠠᠴᠠ ᠬᠠᠢᠵᠤ᠂ ᠡᠳᠡᠭᠡᠷ ᠢ ᠲᠤᠬᠠᠢ ᠶᠢᠨ ᠦᠶ᠎ᠡ ᠶᠢᠨ ᠮᠣᠩᠭᠤᠯ ᠤᠭᠰᠠᠭ᠎ᠠ ᠣᠪᠤᠭ ᠤᠨ ᠲᠤᠲ᠋ᠧᠮ ᠤᠨ ᠨᠦᠯᠦᠭᠡ ᠳᠤᠰᠬᠠᠯ᠂ ᠲᠤᠲ᠋ᠧᠮ ᠰᠢᠲᠦᠯᠭᠡ ᠶᠢᠨ ᠤᠯᠠ ᠮᠦᠷ᠂ ᠲᠤᠲ᠋ᠧᠮ ᠰᠡᠳᠬᠢᠭᠦᠢ ᠶᠢᠨ ᠤᠴᠢᠷ ᠦᠯᠡᠳᠡᠭᠡᠰᠦ ᠬᠡᠮᠡᠨ ᠦᠵᠡᠪᠡ᠃
Original Literature View Original Paper
出自 中国蒙古学 2016年 第3期

联系我们


内蒙古大学图书馆
呼和浩特市大学西路235号
中国·内蒙古
P: (0471) 4992561
E: huangfeilong@imu.edu.cn