Title |
ᠮᠣᠩᠭ᠋ᠤᠯ ᠪᠢᠴᠢᠭ᠌ ᠤᠨ ᠬᠡᠯᠪᠡᠷᠢ ᠪᠦᠲᠦᠭᠡᠯᠭᠡ ᠶᠢᠨ ᠦᠨᠳᠦᠰᠦᠯᠡᠯ ᠬᠢᠭᠡᠳ ᠲᠡᠭᠦᠨ ᠤ ᠠᠬᠤᠢᠢᠴᠢ ᠬᠣᠯᠪᠤᠭᠳᠠᠯ |
Creator |
ᠸᠠᠩ ᠭᠦᠢ ᠿᠦᠩ |
Keyword |
ᠮᠣᠩᠭ᠋ᠤᠯ ᠪᠢᠴᠢᠭ᠌; ᠬᠡᠯᠪᠡᠷᠢ ᠪᠦᠲᠦᠭᠡᠯᠭᠡ; ᠦᠨᠳᠦᠰᠦᠯᠡᠯ; ᠠᠴᠢ ᠬᠣᠯᠪᠤᠭᠳᠠᠯ |
Abstract |
ᠪᠣᠰᠤᠳ ᠬᠣᠯᠪᠤᠭᠳᠠᠯ ᠪᠦᠬᠦᠢ ᠠᠪᠢᠶᠠᠨ ᠪ ᠪᠢᠴᠢᠭ᠌ ᠲᠠᠢ ᠬᠠᠷᠢᠴᠠᠭᠤᠯᠪᠠᠯ ᠮᠣᠩᠭ᠋ᠤᠯ ᠪᠢᠴᠢᠭ᠌(ᠡᠨᠳᠠ ᠣᠢᠢᠭᠤᠷ ᠤᠳᠤᠮ ᠤᠨ ᠮᠣᠩᠭ᠋ᠤᠯ ᠪᠢᠴᠢᠭ᠌ ᠢ ᠵᠢᠭᠠᠵᠤ ᠪᠠᠢᠢᠨ᠌ ᠠ) ᠤᠨ ᠪᠦᠲᠦᠴᠡ ᠪᠣᠶᠣ ᠬᠡᠯᠪᠡᠷᠢ ᠪᠦᠲᠦᠭᠡᠯᠭᠡ ᠨᠢ ᠦᠪᠡᠷᠮᠢᠴᠡ ᠣᠨᠴᠠᠯᠢᠭ ᠲᠠᠢ ᠪᠠᠢᠢᠳᠠᠭ᠃13 ᠳ᠋ᠤᠭᠠᠷ ᠵᠠᠭᠤᠨ ᠣ ᠡᠬᠢ ᠡᠴᠡ 16 ᠳ᠋ᠤᠭᠠᠷ ᠵᠠᠭᠤᠨ ᠤ ᠡᠬᠢ ᠪᠣᠯᠲᠠᠯ ᠠ ᠮᠣᠩᠭ᠋ᠤᠯ ᠪᠢᠴᠢᠭ᠌ ᠤᠨ ᠲᠤᠷᠠᠰᠬᠠᠯ ᠤᠨ ᠵᠠᠳᠠᠯᠤᠯᠲᠠ ᠳᠤ ᠦᠨᠳᠦᠰᠦᠯᠡᠪᠡᠯ᠂ᠮᠣᠩᠭ᠋ᠤᠯ ᠪᠢᠴᠢᠭ᠌ ᠤᠨ ᠭᠦᠭ᠍ᠵᠢᠯᠲᠡ ᠶᠢᠨ ᠶᠠᠪᠤᠴᠠ ᠳᠤ ᠬᠡᠯᠪᠡᠷᠢ ᠪᠦᠲᠦᠭᠡᠯᠭᠡ ᠶᠢᠨ ᠦᠨᠳᠦᠰᠦᠯᠡᠯ ᠤᠨ ᠲᠠᠨᠢᠯᠲᠠ ᠳᠤᠨᠢ ᠪᠠᠯᠠᠷᠬᠠᠢᠢᠯᠠᠯ ᠭᠠᠷᠤᠭᠰᠠᠨ ᠢ ᠮᠡᠳᠡᠵᠦ ᠪᠣᠯᠤᠨ᠌ ᠠ᠃ ᠡᠨᠡ ᠪᠣᠯ ᠮᠣᠩᠭ᠋ᠤᠯ ᠪᠢᠴᠢᠭ᠌ ᠤᠨ ᠬᠦᠭ᠍ᠵᠢᠯᠲᠡ ᠶᠢᠨ ᠵᠠᠢᠯᠠᠰᠢ ᠦᠭᠡᠢ ᠦᠷ ᠡ ᠳᠦᠩ ᠮᠦᠨ᠃ ᠮᠣᠩᠭ᠋ᠤᠯ ᠪᠢᠴᠢᠭ᠌ ᠤᠨ ᠬᠡᠯᠪᠡᠷᠢ ᠪᠦᠲᠦᠭᠡᠯᠭᠡ ᠶᠢᠨ ᠤᠭ ᠦᠨᠳᠦᠰᠦᠯᠡᠯ ᠪᠣᠯᠤᠨ ᠪᠠᠯᠠᠷᠬᠠᠢᠢᠯᠠᠯ ᠢ ᠮᠡᠳᠡᠵᠦ ᠠᠪᠬᠤ ᠨᠢ ᠮᠣᠩᠭ᠋ᠤᠯ ᠪᠢᠴᠢᠭ᠌ ᠤᠨ ᠪᠦᠲᠦᠴᠡ ᠶᠢᠨ ᠲᠣᠬᠠᠢ ᠲᠠᠨᠢᠯᠲᠠ ᠵᠢ ᠲᠡᠭᠡᠭ᠍ᠰᠢᠯᠡᠭᠦᠯᠬᠦ᠂ᠮᠣᠩᠭ᠋ᠤᠯ ᠪᠢᠴᠢᠭ᠌ ᠤᠨ ᠵᠢᠭᠠᠨ ᠰᠤᠷᠭᠠᠯᠲᠠ᠂ᠮᠣᠩᠭ᠋ᠤᠯ ᠪᠢᠴᠢᠭ᠌ ᠤᠨ ᠬᠡᠷᠡᠭᠯᠡᠭᠡ᠂ᠮᠣᠩᠭ᠋ᠤᠯ ᠪᠢᠴᠢᠭ᠌ ᠤᠨ ᠪᠦᠲᠦᠴᠡ ᠶᠢᠨ ᠰᠣᠳᠤᠯᠭᠠᠨ ᠢ ᠬᠦᠨᠵᠡᠭᠡᠢᠢᠷᠡᠭᠦᠯᠬᠦ ᠳᠤ ᠪᠣᠳᠠᠳᠤ ᠠᠴᠢ ᠬᠣᠯᠪᠤᠭᠳᠠᠯ ᠲᠠᠢ᠃ |
Original Literature |
View Original Paper
|
出自 |
中国蒙古学
2012年
第5期
|