Title |
ᠮᠣᠩᠭᠤᠯ ᠭᠡᠷ ᠤᠨ ᠬᠤᠪᠢᠰᠤᠯ ᠦᠭᠡᠷᠡᠲᠦᠯ ᠤᠨ ᠲᠡᠦᠬᠡ ᠡᠴᠡ ᠦᠭᠦᠯᠡᠬᠦ ᠨᠢ |
Creator |
ᠠᠮᠢᠨᠪᠦ᠋ᠬᠡ |
Keyword |
ᠨᠡᠭᠦᠳᠡᠯᠴᠢᠨ ᠮᠣᠩᠭᠤᠯ; ᠨᠤᠲᠤᠭ ᠤᠰᠤ; ᠨᠡᠭᠦᠳᠡᠯ ᠤᠨ ᠠᠵᠤ ᠠᠬᠤᠢ; ᠭᠡᠷ ᠰᠠᠭᠤᠴᠠ; ᠮᠣᠩᠭᠤᠯ ᠭᠡᠷ |
Abstract |
ᠮᠣᠩᠭᠤᠯᠴᠤᠳ ᠲᠤᠭᠤᠯᠵᠤ ᠶᠠᠪᠤᠭᠰᠠᠨ ᠲᠡᠦᠬᠡᠨ ᠠᠶᠠᠨ ᠤ ᠶᠠᠪᠤᠴᠠ ᠳ᠋ᠤ ᠪᠠᠨ ᠠᠳᠠᠯᠢ ᠦᠭᠡᠢ ᠬᠡᠯᠪᠡᠷᠢ ᠶᠢᠨ ᠭᠡᠷ ᠰᠠᠭᠤᠴᠠ ᠵᠢ ᠪᠦᠲᠦᠭᠡᠨ ᠡᠳ᠋ᠯᠡᠭᠰᠡᠨ ᠪᠠᠢᠳᠠᠠᠭ ᠴᠦ ᠮᠣᠩᠭᠤᠯ ᠭᠡᠷ ᠨᠢ ᠮᠣᠩᠭᠤᠯ ᠨᠤᠲᠤᠭ ᠤᠨ ᠪᠠᠢᠭᠠᠯᠢ ᠭᠠᠵᠠᠷ ᠵᠦᠢ ᠶᠢᠨ ᠪᠠᠢᠳᠠᠯ᠂ ᠦᠨᠳᠦᠷᠯᠢᠭ ᠤᠨ ᠠᠭᠤᠷ ᠠᠮᠢᠰᠬᠤᠯ᠂ ᠨᠡᠭᠦᠳᠡᠯᠴᠢᠨ ᠤ ᠬᠦᠳᠡᠯᠮᠦᠷᠢ ᠦᠢᠯᠡᠳᠪᠦᠷᠢᠯᠡᠯ ᠤᠨ ᠦᠪᠡᠷᠮᠢᠴᠡ ᠭᠡᠷᠡᠭᠴᠡᠭᠡᠨ ᠳ᠋ᠤ ᠵᠣᠬᠢᠷᠠᠨ ᠦᠭᠡᠷᠡᠴᠢᠯᠡᠭᠳᠡᠵᠦ᠂ ᠮᠣᠩᠭᠤᠯ ᠦᠨᠳᠦᠰᠦᠲᠣᠡᠨ ᠤ ᠭᠡᠷ ᠰᠠᠭᠤᠴᠠ ᠶᠢᠨ ᠦᠪᠡᠷᠮᠢᠴᠡ ᠣᠨᠴᠠᠯᠢᠭ ᠪᠦᠬᠢ ᠭᠡᠷ ᠪᠠᠷᠢᠯᠭ᠎ᠠ ᠶᠢᠨ ᠰᠣᠶᠣᠯ ᠢ ᠪᠦᠷᠢᠯᠳᠦᠭᠦᠯᠦᠨ ᠤᠯᠠᠮᠵᠢᠠᠯᠪᠠ᠃ ᠮᠣᠩᠭᠤᠯ ᠭᠡᠷ ᠨᠢ ᠮᠣᠩᠭᠤᠯ ᠲᠦᠮᠡᠨ ᠤ ᠡᠳᠦᠷ ᠲᠣᠳᠤᠮ ᠤᠨ ᠠᠮᠢᠳᠤᠷᠠᠯ ᠠᠬᠤᠢ ᠶᠢᠨ ᠭᠡᠷᠡᠭᠴᠡᠭᠡ ᠵᠢ ᠬᠠᠩᠭᠠᠨ᠂ ᠮᠣᠩᠭᠤᠯ ᠤᠨ ᠡᠳ᠋ ᠤᠨ ᠰᠣᠶᠣᠯ ᠤᠨ ᠦᠪ ᠪᠣᠯᠤᠨ ᠤᠯᠠᠮᠵᠢᠠᠯᠭᠳᠠᠭᠰᠠᠨ ᠲᠡᠦᠬᠡᠨ ᠶᠠᠪᠤᠴᠠ ᠳ᠋ᠤ ᠪᠠᠨ ᠮᠣᠩᠭᠤᠯᠴᠤᠳ ᠤᠨ ᠦᠵᠡᠯ ᠪᠣᠳᠤᠯ᠂ ᠭᠤᠤ ᠠ ᠤᠬᠠᠭᠠᠷᠠᠯ ᠳ᠋ᠤ ᠲᠠᠭᠠᠰᠢᠶᠠᠭᠳᠠᠵᠤ᠂ ᠤᠶᠤᠨ ᠤ ᠰᠣᠶᠣᠯ ᠤᠨ ᠦᠪ ᠪᠣᠯᠤᠨ ᠰᠠᠢᠵᠢᠷᠠᠭᠰᠠᠭᠠᠷ ᠪᠠᠢᠭ᠎ᠠ᠃ ᠮᠣᠩᠭᠤᠯ ᠭᠡᠷ ᠤᠨ ᠡᠭᠦᠰᠦᠯ ᠭᠦᠭᠵᠢᠯ᠂ ᠦᠭᠡᠷᠡᠲᠦᠯ ᠤᠯᠠᠮᠵᠢᠯᠠᠭᠳᠠᠯ ᠤᠨ ᠲᠡᠦᠬᠡᠨ ᠪᠠᠢᠳᠠᠯ᠂ ᠮᠣᠩᠭᠤᠯ ᠤᠨ ᠠᠵᠤ ᠠᠬᠤᠢ᠂ ᠦᠢᠯᠡᠳᠪᠦᠷᠢᠯᠡᠬᠦ ᠬᠦᠴᠨ᠂ ᠰᠣᠶᠣᠯ ᠰᠡᠳᠬᠢᠯᠭᠡᠨ ᠤ ᠦᠪᠡᠷᠮᠢᠴᠡ ᠪᠠᠢᠳᠠᠯ ᠢ ᠨᠢᠭᠡᠭᠭᠡᠨ ᠰᠣᠳᠤᠯᠬᠤ ᠨᠢ ᠨᠡᠭᠦᠳᠡᠯᠴᠢᠨ ᠮᠣᠩᠭᠤᠯᠴᠤᠳ ᠤᠨ ᠭᠡᠷ ᠦᠢᠯᠡᠳᠪᠦᠷᠢᠯᠡᠯ ᠤᠨ ᠬᠦᠨ ᠤᠬᠠᠭᠠᠨ ᠢ ᠲᠠᠬᠢᠨ ᠲᠠᠨᠢᠬᠤ ᠳ᠋ᠤ ᠮᠠᠢ ᠴᠢᠬᠤᠯᠠ ᠠᠰᠢᠭ ᠲᠤᠰᠠ ᠲᠠᠢ ᠶᠣᠮ᠃ |
Original Literature |
View Original Paper
|
出自 |
赤峰学院学报(蒙文哲学社会科学版)
2013年
第4期
|