Abstract |
ᠲᠤᠮᠳᠠᠲᠤ ᠤᠯᠤᠰ ᠤᠨ ᠡᠪ ᠬᠠᠮᠲᠤ ᠨᠠᠮ ᠪᠠᠢᠭᠤᠯᠤᠭᠳᠠᠭᠠᠳ ᠨᠢᠭᠡᠨᠲᠠ ᠵᠢᠷᠭᠤᠭᠠᠨ ᠵᠢᠯ ᠪᠣᠯᠤᠵ ᠪᠠᠢᠨ᠎ᠠ᠃ ᠵᠢᠷᠠᠭᠠᠳ ᠵᠢᠯ ᠤᠨ ᠲᠤᠷᠰᠢ ᠮᠠᠨ ᠤ ᠨᠠᠮ ᠤᠨ ᠤᠷᠤᠭᠰᠢᠯᠠᠯᠲᠠ ᠶᠢᠨ ᠵᠠᠮ ᠳ᠋ᠠᠭᠠᠨ ᠬᠢᠯᠠᠯᠵᠠᠭᠰᠠᠨ ᠠᠮᠵᠢᠯᠲᠠ ᠤᠤᠯᠭᠰᠠᠨ ᠪᠦᠭᠡᠳ ᠪᠠᠰᠠ《ᠵᠡᠭᠦᠨ》 ᠤ ᠪᠠ ᠪᠠᠷᠠᠭᠤᠨ ᠤ ᠪᠦᠭᠡᠷᠡᠩᠬᠡᠢ ᠦᠵᠡᠯ ᠤᠨ ᠱᠤᠭᠤᠮ ᠤᠨ ᠠᠯᠳᠠᠭ᠎ᠠ ᠭᠠᠷᠭᠠᠵᠤ ᠦᠩᠭᠡᠷᠡᠭᠰᠡᠨ ᠶᠣᠮ᠃ ᠡᠯ ᠠ ᠤᠳᠠᠭᠠᠨ ᠤ《 ᠵᠡᠭᠦᠨ》 ᠤ ᠪᠠ ᠭᠪᠠᠷᠠᠭᠤᠨ ᠤ ᠪᠦᠭᠡᠷᠡᠩᠬᠡᠢ ᠦᠵᠡᠯ ᠤᠨ ᠠᠯᠳᠠᠭ᠎ᠠ ᠶᠢᠨ ᠲᠤᠤᠷ ᠠ ᠲᠦᠢᠪᠡᠭᠡᠭᠰᠡᠨ ᠴᠠᠭ ᠬᠤᠭᠤᠴᠠᠭ᠎ᠠ ᠨᠢ ᠬᠠᠮᠤᠭ ᠤᠨ ᠤᠷᠲᠤ ᠤᠳᠠᠭᠠᠨ᠂ ᠨᠠᠮ ᠤᠨ ᠦᠢᠯᠡᠰ ᠲᠦ ᠬᠠᠮᠤᠭ ᠡᠴᠡ ᠬᠦᠨᠳᠦ ᠰᠦᠷᠡᠬᠡᠢ ᠬᠤᠤᠷᠯᠠᠯ ᠠᠮᠰᠠᠭᠤᠯᠤᠭᠰᠠᠨ ᠨᠢ ᠲᠠᠷᠤᠢ ᠯᠢᠨ ᠪᠢᠶᠣᠣ ᠪᠣᠯᠤᠨ《 ᠲᠦᠷᠪᠡᠨ ᠬᠦᠮᠦᠨ ᠤ ᠪᠦᠯᠦᠭ》 ᠤᠨ ᠬᠡᠳᠦ ᠵᠡᠬᠦᠨ ᠤ ᠱᠤᠭᠤᠮ ᠪᠣᠯᠤᠨ᠎ᠠ᠃ ᠮᠠᠷᠺᠰ ᠯᠧᠨᠢᠨ ᠤ ᠦᠵᠡᠯ᠂ ᠮᠠᠦ ᠽᠸ ᠳ᠋ᠦᠩ ᠤᠨ ᠦᠵᠡᠯ ᠰᠠᠨᠠᠭ᠎ᠠ ᠪᠡᠷ ᠵᠢᠯᠤᠭᠤᠳᠤᠯᠭ᠎ᠠ ᠪᠣᠯᠭᠠᠵᠤ᠂ ᠤᠯᠤᠰ ᠤᠨ ᠲᠤᠳᠤᠭᠠᠲᠤ ᠭᠠᠳᠠᠭᠠᠲᠤ ᠶᠢᠨ ᠠᠩᠬᠢ ᠶᠢᠨ ᠲᠠᠢᠰᠤᠨ ᠪᠠ ᠨᠠᠮ ᠤᠨ ᠲᠤᠳᠤᠭᠠᠲᠤ ᠶᠢᠨ ᠵᠦᠢᠯ ᠵᠢᠰᠤᠮ ᠤᠨ ᠪᠦᠭᠡᠷᠡᠩᠬᠡᠢ ᠦᠵᠡᠯ ᠲᠠᠢ ᠤᠷᠲᠤ ᠬᠤᠭᠤᠴᠠᠭᠠᠨ ᠤ ᠲᠡᠮᠡᠴᠡᠯ ᠶᠠᠪᠤᠭᠤᠯᠤᠭᠠᠳ ᠤᠯᠤᠰ ᠲᠦᠷᠦ ᠶᠢᠨ ᠲᠠᠯ ᠠ ᠪᠡᠷ ᠪᠦᠷᠢᠰᠦᠰᠦᠨ ᠪᠣᠯᠪᠠᠰᠤᠷᠠᠩᠭᠤᠢ᠂ ᠵᠣᠬᠢᠶᠠᠨ ᠪᠠᠢᠭᠤᠯᠤᠯᠲᠠ ᠶᠢᠨ ᠲᠠᠯ ᠠ ᠪᠡᠷ ᠪᠦᠷᠢᠮᠦᠰᠦᠨ ᠪᠠᠲᠤ ᠴᠢᠩᠭ᠎ᠠ ᠪᠣᠯᠤᠭᠰᠠᠨ ᠮᠠᠨ ᠤ ᠡᠢᠮᠦ ᠨᠢᠭᠡᠨ ᠠᠭᠤᠤ ᠶᠡᠬᠡ ᠨᠠᠮ ᠮᠢᠨᠢ ᠵᠠᠰᠠᠪᠤᠷᠢᠯᠠᠬᠤ ᠦᠵᠡᠯ ᠢ ᠡᠰᠡᠷᠭᠦᠴᠡᠨ ᠰᠡᠷᠭᠡᠢᠢᠯᠡᠬᠦ ᠤᠷᠢᠶ ᠠ ᠵᠢ ᠬᠠᠩᠬᠢᠨᠠᠲᠠᠯ ᠠ ᠬᠠᠰᠬᠢᠷᠴᠦ᠂ ᠢᠯᠠᠩᠭᠤᠶ ᠠ ᠬᠦᠷᠦᠩᠭᠡᠲᠡᠨ ᠠᠩᠬᠢ ᠶᠢᠨ ᠵᠢᠰᠦᠷ ᠮᠡᠭᠡᠲᠡᠨ ᠵᠡᠷᠯᠢᠭ ᠰᠠᠨᠠᠭᠠᠲᠠᠨ ᠨᠠᠮ ᠪᠠ ᠲᠦᠷᠦ ᠶᠢᠨ ᠤᠳᠤᠷᠢᠳᠬᠤ ᠡᠷᠭᠡ ᠵᠢ ᠪᠣᠯᠢᠶᠠᠨ ᠠᠪᠬᠤ ᠵᠢ ᠤᠨᠴᠤᠭᠤᠢ ᠰᠡᠷᠭᠡᠢᠯᠡᠵᠦ ᠪᠠᠢᠭᠰᠠᠨ ᠦᠶ ᠠ ᠳ᠋ᠤ ᠶᠠᠭᠠᠬᠢᠭᠠᠳ ᠯᠢᠨ ᠪᠢᠶᠣᠣ ᠪᠣᠯᠤᠨ 《ᠲᠦᠷᠪᠡᠨ ᠬᠦᠮᠦᠨ ᠤ ᠪᠦᠯᠦᠭ》 ᠤᠨ ᠬᠤᠶᠠᠷ ᠪᠦᠯᠦᠭ ᠤᠪ ᠮᠡᠭᠡᠲᠡᠨ ᠤ ᠪᠦᠯᠦᠭ ᠭᠠᠷᠴᠦ ᠢᠷᠡᠭᠡᠳ ᠵᠤᠷᠢᠭᠤᠲᠠ ᠪᠡᠷ ᠬᠡᠳᠦ ᠵᠡᠬᠦᠨ ᠤ ᠱᠤᠭᠤᠮ ᠢ ᠵᠣᠬᠢᠶᠠᠨ ᠶᠤᠪᠤᠭᠤᠯᠤᠭᠠᠳ ᠠᠷᠪᠠᠨ ᠵᠢᠯ ᠤᠨ ᠤᠷᠲᠤ ᠤᠳᠠᠭᠠᠨ ᠬᠤᠭᠤᠴᠠᠭ᠎ᠠ ᠲᠦᠷᠦ ᠵᠢ ᠲᠦᠢᠪᠡᠭᠡᠵᠦ ᠲᠦᠮᠡᠨ ᠢ ᠭᠠᠰᠠᠯᠭᠠᠭᠰᠠᠨ ᠪᠤᠢ? ᠭᠡᠵᠦ ᠬᠦᠮᠦᠰ ᠪᠣᠳᠤᠯᠬᠢᠯᠠᠬᠤ ᠦᠭᠡᠢ ᠪᠠᠢᠬᠤ ᠶᠢᠨ ᠠᠷᠭ᠎ᠠ ᠦᠭᠡᠢ ᠶᠣᠮ᠃ ᠡᠢᠮᠦ ᠡᠴᠡ ᠡᠨᠡᠬᠦ ᠠᠰᠠᠭᠤᠳᠠᠯ ᠨᠢ ᠡᠷᠬᠡᠪᠰᠢ ᠬᠠᠷᠢᠭᠤᠯᠬᠤ ᠲᠢᠬᠤᠯᠠ ᠲᠠᠢ ᠤᠨᠤᠯ ᠤᠨ ᠪ ᠠᠦᠢᠯᠡᠳᠦᠯᠭᠡ ᠶᠢᠨ ᠠᠰᠠᠭᠤᠳᠠᠯ ᠪᠣᠯᠬᠤ ᠮᠦᠷᠲᠡᠡᠭᠡᠨ ᠪᠠᠰᠠᠴᠦ ᠵᠠᠪᠠᠯ ᠬᠦᠯᠢᠶᠡᠵᠦ ᠠᠪᠬᠤ ᠬᠡᠷᠡᠭᠲᠡᠢ ᠵᠢᠷᠦᠬᠡ ᠰᠢᠮᠰᠢᠷᠡᠮ ᠡ ᠲᠡᠦᠬᠡ ᠶᠢᠨ ᠰᠤᠷᠭᠠᠮᠵᠢ ᠪᠣᠯᠤᠨ᠎ᠠ᠃ |