Abstract |
14 ᠳ᠋ᠤᠭᠡᠷ ᠵᠠᠭᠤᠨ ᠦ ᠡᠬᠢᠨ ᠦ ᠨᠡᠷᠡᠳᠦ ᠡᠷᠳᠡᠮᠳᠡᠨ ᠴᠤᠢ᠌ᠵᠢᠤᠳᠰᠠᠷ ᠤᠨ ᠵᠤᠬᠢᠶᠠᠭᠰᠠᠨ 《ᠵᠢᠷᠦᠬᠡᠨ ᠦ ᠲᠤᠯᠳᠤ》ᠭᠡᠳᠡᠭ ᠮᠣᠩᠭᠣᠯ ᠬᠡᠯᠡ ᠰᠢᠨᠵᠢᠯᠡᠯ ᠤᠨ ᠠᠯᠳᠠᠷᠳᠤ ᠵᠤᠬᠢᠶᠠᠯ ᠮᠠᠨ ᠦ ᠦᠶ ᠡ ᠳᠤ ᠤᠯᠠᠮᠵᠢᠯᠠᠭᠳᠠᠵᠤ ᠢᠷᠡᠬᠡ ᠦᠬᠡᠢ᠂ ᠲᠡᠭᠦᠨ ᠦ ᠠᠭᠤᠯᠭ᠎ᠠ ᠶᠢ ᠵᠦᠪᠬᠡᠨ《ᠤᠭᠳᠠᠷᠭᠤᠢ ᠶᠢᠨ ᠮᠠᠨᠢ》ᠡᠴᠡ ᠶᠡᠬᠡ ᠲᠦᠯᠦᠪ ᠤᠢ᠌ᠯᠠᠭᠠᠵᠤ ᠮᠡᠳᠡᠳᠡᠭ᠃ ᠬᠡᠪᠡᠴᠤ ᠪᠢᠳᠡ ᠤᠢ᠌ᠷ ᠠ ᠶᠢᠨ ᠰᠢᠨᠵᠢᠯᠡᠭᠡᠨ ᠳᠡᠬᠡᠨ 《ᠪᠤᠯᠤᠷ ᠡᠷᠢᠬᠡ》᠋ ᠳᠤ《ᠵᠢᠷᠦᠬᠡᠨ ᠦ ᠲᠤᠯᠳᠤ》᠋ ᠶᠢᠨ ᠬᠡᠰᠡᠭ ᠠᠭᠤᠯᠭ᠎ᠠ ᠬᠠᠭᠤᠯᠪᠤᠷᠢᠯᠠᠭᠳᠠᠨ ᠤᠷᠤᠭᠰᠠᠨ ᠪᠠ ᠠᠯᠲᠠᠷᠳᠤ ᠲᠡᠦᠬᠡ ᠶᠢᠨ ᠡᠷᠳᠡᠮᠳᠡᠨ ᠷᠠᠰᠢᠫᠤᠩᠰᠤᠭ ᠡᠴᠡ《ᠵᠢᠷᠦᠬᠡᠨ ᠦ ᠲᠤᠯᠳᠤ》᠋ ᠳᠤ ᠲᠤᠷᠠᠳᠤᠭᠰᠠᠨ ᠲᠡᠦᠬᠡᠨ ᠭᠡᠷᠡᠭ ᠤᠴᠢᠷ ᠤᠨ ᠲᠤᠬᠠᠢ ᠴᠤᠬᠤᠯᠲᠠ ᠥᠭᠥᠯᠡᠯ ᠪᠢᠴᠢᠭᠰᠡᠨ ᠢ ᠠᠩᠬᠠᠷᠴᠠᠢ᠃ |