Paper Information


Title ᠰᠡᠳᠬᠢᠴᠡ ᠶᠢᠨ ᠰᠠᠭᠤᠳ ᠢᠢᠡᠨ ᠠᠷᠢᠯᠭᠠᠵᠤ᠂ ᠵᠢᠳᠭᠦᠯᠭᠡ ᠶᠢᠨ ᠵᠠᠮ ᠢᠢᠡᠷᠨ ᠲᠤᠷᠠᠢᠢᠯᠭᠠᠭᠰᠠᠨ— ᠢᠨᠵᠠᠨᠨᠠᠰᠢ
Creator ᠪᠦᠷᠢᠨᠮᠡᠨᠳᠦ
Keyword ᠰᠡᠳᠬᠢᠴᠡ  ᠶᠢᠨ ᠰᠠᠭᠠᠳ; ᠵᠢᠳᠭᠦᠯᠭᠡ ᠶᠢᠨ ᠵᠠᠮ; 《ᠠᠮᠢᠲᠠᠢ ᠶᠠᠭᠤᠮ ᠠ》; ᠵᠢᠷᠭᠠᠯ ᠵᠣᠪᠠᠯᠠᠩ; ᠦᠨᠳᠦᠰᠦᠲᠡᠨ ᠤ ᠭᠤᠲᠤᠷᠢᠯ
Abstract ᠢᠵᠠᠨᠨᠠᠰᠢ ᠪᠣᠯ ᠲᠦᠷᠦᠯᠬᠢ ᠵᠢᠳᠬᠦᠭ᠍ᠴᠢ ᠪᠢᠰᠢ᠂ ᠲᠡᠷᠡ《ᠬᠦᠬᠡ ᠰᠣᠳᠤᠷ》 ᠢ ᠵᠣᠬᠢᠶᠠᠬᠤ ᠳ᠋ᠠᠭᠠᠨ ᠴᠢᠩᠬᠢᠰ ᠤᠨ ᠵᠣᠷᠢᠭ ᠰᠠᠨᠠᠬ᠋ ᠠ ᠵᠢ ᠨᠡᠭᠡᠭᠡᠵᠦ ᠮᠡᠳᠡᠨ᠂ ᠴᠢᠩᠬᠢᠰ ᠤᠨ ᠮᠣᠩᠭ᠋ᠤᠯ ᠦᠨᠳᠦᠰᠦᠲᠡᠨ  ᠢ ᠮᠠᠨᠳᠤᠭᠤᠯᠤᠭᠰᠠᠨ ᠭᠠᠢᠢᠬᠠᠮᠰᠢᠭᠲᠤ ᠦᠢᠯᠡᠰ ᠲᠣᠳᠤᠷ ᠠ ᠡᠴᠡ ᠵᠢᠳᠬᠦᠵᠦ ᠴᠢᠷᠮᠠᠢᠢᠬᠤ ᠴᠢᠳᠠᠯ ᠲᠡᠩᠬᠡᠭᠡ ᠪᠠᠨ ᠣᠯᠵᠤ᠂ ᠢᠳᠡᠭᠡᠯ ᠵᠣᠷᠢᠭ ᠨᠢ ᠬᠦᠪᠴᠢᠯᠡᠭᠳᠡᠵᠦ᠂ ᠵᠢᠳᠬᠦᠭ᠍ᠴᠢ ᠶᠢᠨ ᠬᠠᠷᠠᠯᠳᠠ ᠵᠣᠷᠢᠯᠲᠠ ᠵᠢᠴᠢ ᠵᠢᠳᠭᠦᠭ᠍ᠴᠢ ᠶᠢᠨ ᠠᠮᠢᠳᠤᠷᠠᠯ ᠤᠨ ᠠᠷᠭ᠋ ᠠ ᠮᠠᠶᠢᠭ ᠲᠠᠭᠠᠨ ᠨᠡᠩ ᠰᠠᠨᠠᠭᠠᠴᠢᠯᠠᠭ᠋ ᠠ ᠲᠠᠢ ᠪᠣᠯᠵᠤ᠂ ᠦᠪᠡᠷ ᠤᠨ ᠦᠵᠡᠯᠲᠡ ᠲᠠᠨᠢᠯᠲᠠ ᠪᠠᠠ ᠲᠠᠬᠢᠨ ᠰᠢᠨᠡᠳᠭᠡᠵᠦ᠂ ᠦᠩᠭᠡᠷᠡᠭᠰᠡᠨ ᠤᠦᠪᠦᠭ᠋ ᠠ ᠣᠯᠠᠨ ᠬᠦᠯᠢᠶᠡᠰᠦᠯᠡᠯ ᠪᠦᠲᠡᠭᠦᠮᠵᠢᠯᠠᠯ ᠡᠴᠡ ᠪᠠᠨ ᠮᠤᠯᠳᠤᠷᠠᠵᠤ ᠴᠢᠳᠠᠪᠠ᠃ ᠡᠭᠦᠨ ᠡᠴᠡ ᠠᠪᠤᠭᠠᠳ ᠢᠨᠵᠠᠨᠨᠠᠰᠢ ᠶᠢᠨ ᠦᠡᠵᠯ ᠰᠡᠳᠭᠢᠴᠡ ᠨᠢ ᠰᠢᠨ᠌ ᠠ ᠲᠦᠪᠰᠢᠨ ᠳᠤ ᠲᠡᠪᠰᠢᠵᠤ᠂ ᠣᠢᠢᠷ ᠠ ᠦᠶ ᠡ ᠶᠢᠨ ᠰᠢᠯᠭᠠᠷᠠᠭᠰᠠᠨ ᠪᠣᠳᠤᠯᠭᠠᠲᠠᠨ ᠪᠣᠯᠵᠤ᠂《ᠬᠦᠬᠡ ᠰᠣᠳᠤ》 ᠢ ᠵᠣᠬᠢᠶᠠᠨ ᠪᠦᠲᠦᠭᠡᠵᠦ᠂ ᠦᠵᠡᠯ ᠰᠠᠨᠠᠭ᠋ ᠠ᠂ ᠲᠡᠦᠬᠡ ᠂ ᠤᠳᠬ ᠠ ᠵᠣᠬᠢᠶᠠᠯ᠂ ᠦᠭᠡ ᠬᠡᠯᠡ᠂ᠵᠠᠩ ᠵᠠᠩᠰᠢᠯ ᠤᠨ ᠰᠣᠳᠣᠯᠣᠯ ᠳᠤ ᠪᠦᠲᠦᠭᠡᠯᠴᠢ ᠴᠢᠨᠠᠷ  ᠲᠠᠢ ᠠᠮᠵᠢᠯᠲᠠ ᠣᠯᠤᠭᠰᠠᠨ ᠪᠠᠢᠢᠨ᠌ ᠠ᠃ 《ᠪᠦᠶ ᠠ ᠪᠠᠨ ᠢᠯᠠᠪᠠᠯ ᠠᠰᠠᠢ ᠶᠢᠷᠲᠢᠨᠴᠦ ᠵᠢ ᠢᠯᠠᠵᠤ ᠴᠢᠳᠠᠨ᠌ ᠠ》ᠭᠡᠳᠡᠭᠴᠢᠯᠠᠨ ᠢᠨᠵᠠᠨᠨᠠᠰᠢ ᠶᠢᠨ ᠦᠵᠡᠯ ᠰᠠᠨᠠᠭ᠋ ᠠ ᠪᠠᠨ ᠰᠢᠨᠡᠳᠭᠡᠭᠰᠡᠨ ᠲᠣᠷᠰᠢᠯᠭ᠋ ᠠ ᠨᠢ ᠪᠢᠳᠠᠨ ᠳᠤ ᠯᠣᠳᠣ ᠶᠡᠬᠡ ᠰᠡᠩᠭᠡᠷᠡᠭᠦᠯᠡᠯ ᠪᠣᠯᠵᠤ᠂ ᠡᠷᠳᠡᠮ ᠰᠢᠨᠵᠢᠯᠡᠭᠡᠨ ᠤ ᠦᠨ᠌ ᠠ ᠴᠡᠨ᠌ ᠠ ᠪᠡᠷ ᠦᠨᠳᠦᠷ ᠰᠣᠶᠣᠯ ᠤᠨ ᠦᠪ ᠪᠣᠯᠤᠭᠰᠠᠨ ᠪᠠᠢᠢᠨ᠌ ᠠ᠃
Original Literature View Original Paper
出自 内蒙古民族大学学报(社会科学) 2013年 第1期

联系我们


内蒙古大学图书馆
呼和浩特市大学西路235号
中国·内蒙古
P: (0471) 4992561
E: huangfeilong@imu.edu.cn