Title |
《ᠬᠤᠸᠠ ᠢ ᠢ ᠢᠤᠢ》ᠳ᠋ᠡᠬᠢ ᠮᠣᠩᠭᠤᠯ ᠬᠡᠯᠡᠨ ᠤ 《ᠪᠠ(ba/be)》 ᠵᠢ ᠬᠢᠲᠡᠳ ᠦᠰᠦᠭ ᠢᠢᠡᠷ ᠭᠠᠯᠢᠭᠯᠠᠭᠰᠠᠨ ᠣᠨᠴᠠᠯᠢᠭ ᠢ ᠰᠢᠨᠵᠢᠯᠡᠬᠦ ᠨᠢ |
Creator |
ᠬᠦᠸᠸ ᠯᠢ ᠮᠸᠢ; ᠬᠠᠰᠪᠠᠭᠠᠨ᠎ᠠ |
Keyword |
《ᠬᠤᠸᠠ ᠢ ᠢ ᠢᠤᠢ》; 《ᠪᠠ(ba/be)》 ;ᠬᠢᠳᠡᠳ ᠦᠰᠦᠭ ᠤᠨ ᠭᠠᠯᠢᠭᠯᠠᠯ |
Abstract |
ᠮᠢᠩ ᠤᠯᠤᠰ ᠤᠨ ᠦᠶ ᠡ ᠳ᠋ᠤ ᠮᠣᠩᠭᠤᠯ ᠦᠭᠡ ᠵᠢ ᠬᠢᠳᠠᠳ ᠦᠰᠦᠭ ᠢᠢᠡᠷ ᠲᠡᠮᠳᠡᠭᠯᠡᠯᠭᠰᠡᠨ《ᠬᠤᠸᠠ ᠢ ᠢ ᠢᠤᠢ》ᠪᠢᠴᠢᠭ ᠪᠣᠯ ᠲᠤᠮᠳᠠᠳᠤ ᠵᠠᠭᠤᠨ ᠤ ᠦᠶ ᠡ ᠶᠢᠨ ᠮᠣᠩᠭᠤᠯ ᠬᠡᠯᠡᠨ ᠤ ᠪᠠᠢᠳᠠᠯ ᠢ ᠤᠢᠯᠠᠭᠠᠬᠤ ᠪᠣ ᠰᠣᠳᠤᠯᠬᠤ ᠬᠣᠪᠤᠷ ᠨᠠᠨᠳᠢᠨ ᠮᠠᠲ᠋ᠧᠷᠢᠶᠠᠯ ᠪᠣᠯᠤᠨ᠎ᠠ᠃ 《ᠬᠤᠸᠠ ᠢ ᠢ ᠢᠤᠢ》 ᠪᠢᠴᠢᠭ ᠲᠡᠭᠡᠳᠦ ᠲᠤᠤᠷᠠᠲᠤ ᠬᠤᠶᠠᠷ ᠲᠡᠪᠲᠡᠷ ᠪᠡᠯᠵᠤ ᠬᠡᠪᠯᠡᠭᠳᠡᠵᠡᠢ᠃ ᠲᠡᠭᠡᠲᠦ ᠲᠡᠪᠲᠡᠷ ᠨᠢ ᠵᠦᠢᠯ ᠬᠤᠪᠢᠶᠠᠭᠰᠠᠠ ᠬᠢᠲᠠᠳ ᠮᠣᠩᠭᠤᠯ ᠣᠷᠴᠢᠭᠤᠯᠭ᠎ᠠ ᠶᠢᠨ ᠲᠤᠯᠢ ᠪᠠᠢᠵᠤ᠂ ᠨᠡᠢᠲᠡ17ᠵᠦᠢᠯ 844 ᠦᠰᠦᠭ ᠲᠠᠢ᠂ ᠲᠤᠤᠷᠠᠲᠤ ᠲᠡᠪᠲᠡᠷ ᠨᠢ ᠲᠠᠭᠠᠯᠳᠤᠭᠤᠯᠤᠭᠰᠠᠨ ᠬᠡᠰᠡᠭ 12 ᠬᠤᠪᠢ ᠬᠠᠷᠢᠯᠴᠠᠭᠠᠨ ᠤ ᠪᠢᠴᠢᠭ ᠢᠢᠡᠷ ᠪᠦᠷᠢᠯᠳᠦᠵᠡᠢ᠃《ᠬᠤᠸᠠ ᠢ ᠢ ᠢᠤᠢ》ᠪᠢᠴᠢᠭ ᠲᠤ ᠮᠣᠩᠭᠤᠯ ᠬᠡᠯᠡᠨ ᠤ ᠦᠭᠡ ᠵᠢ ᠬᠢᠲᠠᠳ ᠦᠰᠦᠭ ᠢᠢᠡᠷ ᠭᠠᠯᠢᠭᠯᠠᠨ ᠲᠡᠮᠳᠡᠭᠯᠡᠵᠦ᠂ ᠬᠢᠲᠠᠳ ᠤᠷᠴᠢᠭᠤᠯᠭ᠎ᠠ ᠬᠠᠳᠠᠵᠠᠢ᠃ ᠡᠨᠡ ᠨᠢ ᠮᠢᠩ ᠤᠨ ᠲᠦᠷᠦ ᠶᠢᠨ ᠬᠢᠲᠡᠳ ᠲᠦᠰᠢᠮᠡᠳ ᠪᠣᠯᠤᠨ ᠪᠢᠴᠢᠭᠲᠡᠨ ᠨᠠᠷ ᠤᠨ ᠮᠣᠩᠭᠤᠯ ᠬᠡᠯᠡ ᠰᠣᠶᠣᠯ ᠢ ᠰᠤᠷᠤᠯᠴᠠᠬᠤ ᠪᠣᠶᠣ ᠬᠠᠷᠢ ᠣᠷᠤᠨ ᠲᠠᠢ ᠬᠠᠷᠢᠯᠴᠠᠭ᠎ᠠ ᠬᠢᠬᠦ ᠳ᠋ᠤ ᠲᠤᠩ ᠶᠡᠬᠡ ᠠᠰᠢᠭᠲᠠᠢ ᠦᠢᠯᠡᠳᠦᠯ ᠦᠵᠡᠭᠦᠯᠵᠡᠢ᠃ ᠡᠢᠮᠦ ᠡᠴᠡ ᠲᠤᠰ ᠪᠢᠴᠢᠭ ᠤᠨ ᠰᠣᠳᠤᠯᠭᠠᠨ ᠤ ᠦᠨ᠎ᠡ ᠦᠷᠳᠡᠭ ᠨᠢ ᠲᠤᠩ ᠶᠡᠬᠡ ᠪᠠᠢᠳᠠᠭ᠃ ᠲᠤᠰ ᠦᠭᠦᠯᠡᠯ ᠳ᠋ᠤ ᠪᠦᠷᠢᠳᠭᠡᠨ ᠡᠮᠬᠢᠳᠭᠡᠬᠦ ᠠᠷᠭ᠎ᠠ ᠪᠡᠷ 《ᠬᠤᠸᠠ ᠢ ᠢ ᠢᠤᠢ》ᠳ᠋ᠡᠬᠢ ᠮᠣᠩᠭᠤᠯ ᠬᠡᠯᠡᠨ ᠤ 《ᠪᠠ(ba/be)》 ᠵᠢ ᠬᠢᠲᠠᠳ ᠢᠢᠡᠷ ᠭᠠᠯᠢᠭᠯᠠᠭᠰᠠᠨ ᠣᠨᠴᠠᠯᠢᠭ ᠢ ᠰᠢᠨᠵᠢᠯᠡᠨᠠ᠃ |
Original Literature |
View Original Paper
|
出自 |
赤峰学院学报(蒙文哲学社会科学版)
2016年
第2期
|