Title |
ᠡᠷᠲᠡᠨ ᠦ ᠰᠤᠷᠪᠤᠯᠵᠢᠰ ᠠᠴᠠ ᠮᠣᠩᠭᠤᠯ ᠶᠠᠲᠤᠭ᠎ᠠ ᠶᠢᠨ ᠡᠭᠦᠰᠦᠯ ᠬᠦᠭ᠍ᠵᠢᠯ ᠢ ᠰᠢᠨᠵᠢᠯᠡᠬᠦ ᠨᠢ |
Creator |
ᠡᠷᠳᠡᠨᠢ |
Keyword |
ᠡᠷᠲᠡᠨ ᠦ ᠰᠤᠷᠪᠤᠯᠵᠢᠰ; ᠮᠣᠩ᠋ᠭᠤᠯ ᠶᠠᠲᠤᠭ᠎ᠠ; ᠬᠢᠲᠠᠳ ᠶᠠᠲᠤᠭ᠎ᠠ; ᠠᠭᠤᠢ ᠶᠡᠬᠡ ᠶᠠᠲᠤᠭ᠎ᠠ; ᠡᠭᠦᠰᠦᠯ ᠬᠦᠭ᠍᠍ᠵᠢᠯ; ᠶᠠᠩᠵᠤ ᠬᠡᠯᠪᠡᠷᠢ; ᠴᠢᠪᠠᠭᠳᠠᠬᠤ ᠵᠠᠩ ᠦᠢᠯᠡ |
Abstract |
ᠮᠣᠩᠭᠤᠯ ᠶᠠᠲᠤᠭ᠎ᠠ ᠪᠤᠯ ᠮᠣᠩᠭᠤᠯ ᠦᠨᠳᠦᠰᠦᠲᠡᠨ ᠦ ᠴᠢᠪᠠᠭᠳᠠᠯᠲᠤ ᠬᠦᠭ᠍ᠵᠢᠮ ᠦᠨ ᠨᠢᠭᠡ ᠵᠤᠢ᠌ᠯ ᠪᠤᠯᠤᠨ᠎ᠠ᠃ ᠡᠳᠦᠭᠡ ᠮᠣᠩᠭᠤᠯ ᠶᠠᠲᠤᠭ᠎ᠠ ᠪᠤᠯᠤᠨ ᠬᠢᠲᠠᠳ ᠶᠠᠲᠤᠭ᠎ᠠ᠂ ᠬᠢᠲᠠᠳ ᠤᠨ ᠠᠭᠤᠢ ᠶᠡᠬᠡ ᠶᠠᠲᠤᠭ᠎ᠠ ᠶᠢᠨ ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠵᠢᠴᠢ ᠲᠡᠳᠡᠭᠡᠷ ᠦᠨ ᠡᠭᠦᠰᠦᠯ ᠬᠦᠭ᠍ᠵᠢᠯ᠂ ᠤᠯᠠᠷᠢᠯ ᠬᠤᠪᠢᠷᠠᠯ ᠤᠨ ᠲᠤᠬᠠᠢ ᠬᠠᠷᠠᠬᠠᠨ ᠲᠤᠳᠤᠷᠬᠠᠢ᠌ᠯᠠᠵᠤ ᠴᠢᠳᠠᠭ᠎ᠠ ᠦᠭᠡᠢ ᠪᠠᠢ᠌ᠭᠰᠠᠭᠠᠷ᠃ ᠮᠣᠩ᠋ᠭᠤᠯ ᠬᠢᠲᠠᠳ ᠰᠤᠷᠪᠤᠯᠵᠢ ᠲᠡᠮᠳᠡᠭᠯᠡᠯ᠂ ᠠᠮᠠᠨ ᠤᠯᠠᠮᠵᠢᠯᠠᠯ᠂ ᠤᠷᠠᠨ ᠪᠦᠲᠦᠭᠡᠯ ᠳᠡᠬᠢ ᠳᠦᠷᠰᠦᠯᠡᠯ ᠵᠢᠷᠤᠭᠯᠠᠯ ᠵᠡᠷᠭᠡ ᠶᠢ ᠦᠨᠳᠦᠰᠦᠯᠡᠪᠡᠯ᠂ ᠮᠣᠩ᠋ᠭᠤᠯ ᠶᠠᠲᠤᠭ᠎ᠠ ᠶᠡᠷᠦ ᠨᠢ ᠵᠢᠷᠭᠤᠭᠠᠨ ᠴᠪᠠᠭᠳᠠᠰᠤ᠂ ᠳᠤᠯᠤᠭᠠᠨ ᠴᠢᠪᠠᠭᠳᠠᠰᠤ᠂ ᠨᠠᠢᠮᠠᠨ ᠴᠢᠪᠠᠭᠳᠠᠰᠤ᠂ ᠠᠷᠪᠠᠨ ᠴᠢᠪᠠᠭᠳᠠᠰᠤ᠂ ᠠᠷᠪᠠᠨ ᠬᠤᠶᠠᠷ ᠴᠢᠪᠠᠭᠳᠠᠰᠤ᠂ ᠠᠷᠪᠠᠨ ᠭᠤᠷᠪᠠᠨ ᠴᠢᠪᠠᠭᠳᠠᠰᠤ᠂ ᠠᠷᠪᠠᠨ ᠳᠦᠷᠪᠡᠨ ᠴᠢᠪᠠᠭᠳᠠᠰᠤ᠂ ᠠᠷᠪᠠᠨ ᠵᠢᠷᠭᠤᠭᠠᠨ ᠴᠢᠪᠠᠭᠳᠠᠰᠤ ᠪᠤᠶᠤ ᠣᠳᠤᠬᠠᠨ ᠤ ᠠᠷᠪᠠᠨ ᠶᠢᠰᠦᠨ ᠴᠢᠪᠠᠭᠳᠠᠰᠤ ᠪᠤᠯᠵᠤ ᠬᠤᠪᠢᠷᠠᠭᠰᠠᠨ ᠤᠷᠲᠤ ᠤᠳᠠᠭᠠᠨ ᠲᠡᠦᠬᠡ ᠲᠡᠢ ᠪᠦᠭᠡᠳ ᠬᠢᠲᠠᠳ ᠤᠨ ᠠᠭᠤᠢ ᠶᠡᠬᠡ ᠶᠠᠲᠤᠭ᠎ᠠ ᠯᠤᠭ᠎ᠠ ᠨᠢᠭᠡᠨ ᠦᠶ᠎ᠡ ᠶᠢᠨ ᠬᠦᠭ᠍ᠵᠢᠮ ᠪᠠᠢ᠌ᠵᠤ ᠮᠡᠳᠡᠨ᠎ᠡ᠃ ᠬᠠᠷᠢᠨ ᠬᠢᠲᠠᠳ ᠶᠠᠲᠤᠭ᠎ᠠ ᠪᠤᠯ ᠴᠢᠨ ᠤᠯᠤᠰ ᠤᠨ ᠶᠡᠬᠡ ᠵᠠᠩᠵᠤᠨ ᠮᠧᠩ ᠲᠢᠶᠠᠨ ᠪᠠᠷ ᠾᠦᠩᠨᠤ ᠶᠢᠨ ᠶᠠᠲᠤᠭ᠎ᠠ ᠶᠢ ᠦᠨᠳᠦᠰᠦᠡᠨ ᠤᠤᠯ ᠤᠨ 《ᠲᠠᠪᠤᠨ ᠴᠢᠪᠠᠭᠳᠠᠰᠤ ᠶᠠᠲᠤᠭᠠᠯᠢᠭ ᠬᠦᠭ᠍ᠵᠢᠮ》᠋ ᠢᠶᠡᠨ ᠦᠭᠡᠷᠡᠴᠢᠯᠡᠵᠦ᠂ 《ᠠᠭᠤᠢ ᠶᠡᠬᠡ ᠶᠠᠲᠤᠭ᠎ᠠ ᠰᠢᠭ》ᠪᠤᠯᠭᠠᠭᠰᠠᠨ ᠠᠴᠠ ᠡᠭᠦᠰᠦᠭᠰᠡᠨ ᠪᠤᠯᠤᠮᠵᠢ ᠲᠠᠢ ᠶᠤᠮ᠃ ᠮᠣᠩ᠋ᠭᠤᠯ ᠶᠠᠲᠤᠭ᠎ᠠ ᠶᠢᠨ ᠪᠦᠲᠦᠴᠡ ᠬᠡᠯᠪᠡᠷᠢ᠂ ᠴᠢᠪᠠᠭᠳᠠᠰᠤ ᠠᠷᠭ᠎ᠠ ᠮᠠᠶᠢᠭ᠂ ᠬᠡᠪ ᠨᠠᠮᠪᠠ ᠪᠤᠯᠤᠨ ᠴᠢᠪᠠᠭᠳᠠᠰᠤ ᠵᠠᠩ ᠦᠢᠯᠡ ᠨᠢ ᠬᠢᠲᠠᠳ ᠶᠠᠲᠤᠭ᠎ᠠ ᠠᠴᠠ ᠦᠰᠦᠳ ᠦᠭᠡᠷ᠎ᠡ ᠪᠠᠢ᠌ᠳᠠᠭ᠃ |
Original Literature |
View Original Paper
|
出自 |
中国蒙古学
2012年
第6期
|