Paper Information


Title ᠮᠤᠩᠭ᠋ᠤᠯ ᠪᠢᠴᠢᠭ᠌ ᠤᠨ ᠲᠢᠭ᠌ ᠤᠨ ᠭᠤᠷᠪᠠᠨ ᠬᠡᠪ ᠮᠠᠶ‍ᠢᠭ
Creator 〔ᠮᠤᠩᠭ᠋ᠤᠯ〕ᠪ • ᠡᠩᠬᠡ
Keyword ᠬᠢᠴᠢᠶᠡᠩᠭᠦᠢ ᠪᠢᠴᠢᠭ᠌; ᠤᠷᠠᠨ ᠪᠢᠴᠢᠭ᠌; ᠡᠪᠭᠡᠮᠡᠯ ᠪᠢᠴᠢᠭ᠌; ᠰᠤᠯᠤᠩᠭ᠋᠎ᠠ ᠶᠢᠨ ᠦᠰᠦᠨ ᠪᠢᠴᠢᠭ᠌
Abstract ᠮᠤᠩᠭ᠋ᠤᠯ ᠪᠢᠴᠢᠭ᠌ ᠢ ᠪᠢᠴᠢᠬᠦ ᠵᠢᠷᠤᠮ᠂ ᠬᠡᠷᠡᠭᠯᠡᠭᠡᠨ ᠤ ᠵᠤᠷᠢᠯᠭ᠎ᠠ ᠪᠡᠷ ᠨᠢ ᠰᠢᠯᠳᠠᠭᠠᠯᠠᠨ ᠬᠢᠴᠢᠶᠡᠩᠭᠦᠢ ᠪᠢᠴᠢᠭ᠌᠂ ᠤᠷᠠᠨ ᠪᠢᠴᠢᠭ᠌᠂ ᠡᠪᠭᠡᠮᠡᠯ ᠪᠢᠴᠢᠭ᠌ ᠭᠡᠰᠡᠨ ᠭᠤᠷᠪᠠᠨ ᠬᠡᠯᠪᠡᠷᠢ ᠳᠤ ᠬᠤᠪᠢᠶᠠᠨ ᠦᠵᠡᠵᠦ ᠪᠤᠯᠬᠤ ᠶᠤᠮ᠃ ᠬᠢᠴᠢᠶᠡᠩᠭᠦᠢ ᠪᠢᠴᠢᠭ᠌ ᠢ《ᠲᠠᠷᠤᠵᠤ ᠪᠢᠴᠢᠭ᠍ᠰᠡᠨ ᠪᠢᠴᠢᠭ᠌》᠂《ᠲᠤᠭᠳᠠᠭᠤᠨ ᠪᠢᠴᠢᠭ᠌》᠂《ᠲᠦᠪ ᠪᠢᠴᠢᠯᠭᠡ》ᠭᠡᠬᠦ ᠵᠡᠷᠭᠡ ᠪᠡᠷ ᠶᠠᠩᠵᠤ ᠪᠦᠷᠢ ᠪᠡᠷ ᠨᠡᠷᠡᠯᠡᠵᠦ ᠢᠷᠡᠭᠰᠡᠨ᠃ ᠮᠤᠩᠭ᠋ᠤᠯ ᠪᠢᠴᠢᠭ᠌ ᠶᠢᠡᠷ ᠬᠢᠴᠢᠶᠡᠩᠭᠦᠢ ᠭᠤᠶᠤᠮᠰᠤᠭ ᠪᠢᠴᠢᠬᠦ ᠡᠴᠡ ᠭᠠᠳᠠᠨ᠎ᠠ ᠬᠦᠶᠦᠯᠭᠡᠬᠦ᠂ ᠲᠠᠳᠠᠯᠠᠬᠤ᠂ ᠰᠠᠮᠨᠠᠬᠤ᠂ ᠬᠤᠷᠢᠶᠠᠬᠤ᠂ ᠰᠤᠩᠭ᠋ᠠᠬᠤ᠂ ᠠᠭᠰᠢᠭᠤᠯᠬᠤ᠂ ᠲᠤᠪᠳᠤᠯᠭᠠᠬᠤ᠂ ᠲᠦᠷᠰᠦᠯᠡᠬᠦ ᠵᠡᠷᠭᠡ ᠪᠡᠷ ᠡᠯᠳᠡᠪ ᠬᠡᠯᠪᠡᠷᠢ ᠭᠠᠷᠭᠠᠨ ᠪᠢᠴᠢᠵᠦ ᠪᠤᠯᠬᠤ ᠪᠠ ᠲᠡᠭᠦᠨ ᠢ ᠤᠷᠠᠨ ᠪᠢᠴᠢᠭ᠌ ᠭᠡᠵᠦ ᠨᠡᠷᠡᠯᠡᠵᠦ ᠢᠷᠡᠵᠡᠢ᠃ ᠮᠤᠩᠭ᠋ᠤᠯ ᠡᠪᠭᠡᠮᠡᠯ ᠪᠢᠴᠢᠭ᠌ ᠢ ᠲᠦᠷᠪᠡᠯᠵᠢᠨ ᠡᠪᠭᠡᠭ᠍ᠰᠡᠨ ᠪᠠᠢᠴᠢᠭ᠌᠂ ᠤᠭᠠᠯᠵᠠᠯᠠᠨ ᠡᠪᠭᠡᠭ᠍ᠰᠡᠨ ᠪᠢᠴᠢᠭ᠌ ᠭᠡᠵᠦ ᠬᠤᠶᠠᠷ ᠠᠩᠭᠢᠯᠠᠨ᠎ᠠ᠃
Original Literature View Original Paper
出自 内蒙古民族大学学报(社会科学) 2015年 第1期

联系我们


内蒙古大学图书馆
呼和浩特市大学西路235号
中国·内蒙古
P: (0471) 4992561
E: huangfeilong@imu.edu.cn