Title |
ᠡᠮᠤᠷ—6᠋ ᠋ᠶᠢᠨ ᠪᠢᠴᠢᠬᠠᠨ ᠬᠤᠯᠤᠭᠠᠨ᠎ᠠ ᠶᠢᠨ ᠭᠠᠳᠠᠭᠠᠯᠠᠬᠤ ᠳᠤ ᠦᠵᠡᠭᠦᠯᠬᠦ ᠪᠦᠯᠦᠭᠡ ᠪᠠ ᠲᠡᠭᠦᠨ ᠤ ᠤᠳ ᠶᠤᠰᠤ ᠵᠢ ᠰᠦᠪᠡᠭᠴᠢᠯᠡᠬᠦ ᠨᠢ |
Creator |
ᠸᠠᠩ ᠰᠢᠤ ᠯᠠᠨ; ᠡᠤ ᠯᠦᠩ ᠲᠠᠩ; ᠨᠠᠷᠠᠰᠤ |
Keyword |
ᠡᠮᠤᠷ—6;ᠬᠤᠷᠭᠤᠰᠤᠯᠠᠬᠤ ᠵᠢ ᠡᠰᠡᠷᠭᠦᠴᠡᠬᠦ;ᠦᠢᠯᠡᠳᠤᠯ ᠤᠨ ᠤᠭ ᠶᠤᠰᠤ |
Abstract |
ᠠᠮᠢᠳᠠᠨ ᠤ ᠳᠤᠷᠰᠢᠯᠳᠠ ᠪᠡᠷ ᠳᠠᠮᠵᠢᠵᠤ᠂ ᠮᠤᠩ᠌ᠭᠤᠯ ᠡᠮ ᠡᠮᠤᠷ—6᠋ ᠋ᠶᠢᠨ ᠭᠠᠳᠠᠭᠠᠯᠠᠬᠤ ᠳᠤ ᠦᠵᠡᠭᠦᠯᠬᠦ ᠦᠢᠯᠡᠳᠤᠯ ᠪᠠ ᠲᠡᠭᠦᠨ ᠤ ᠤᠭ ᠶᠤᠰᠤ ᠵᠢ ᠰᠦᠪᠡᠭᠴᠢᠯᠡᠨ᠎ᠠ᠃ ᠠᠷᠭ᠎ᠠ᠄ ᠡᠮᠤᠷ—6 ᠋ᠶᠢᠨ ᠤᠰᠤᠨ ᠠᠭᠤᠰᠤᠮᠠᠯ ᠢ ᠪᠢᠴᠢᠬᠠᠨ ᠬᠤᠯᠤᠭᠠᠨ᠎ᠠ ᠶᠢᠨ ᠬᠤᠳᠤᠭᠤᠳᠤᠨ ᠳᠤ ᠦᠭᠴᠦ᠂ ᠪᠢᠴᠢᠬᠠᠨ ᠬᠤᠯᠤᠭᠠᠨ᠎ᠠ ᠶᠢᠨ ᠭᠠᠳᠠᠭᠠᠯᠠᠬᠤ ᠴᠠᠭ᠂ ᠪᠠᠭᠠᠰᠤᠨ ᠤ ᠬᠡᠮᠵᠢᠶ᠎ᠠ᠂ ᠪᠠᠭᠠᠰᠤᠨ ᠤ ᠬᠡᠯᠪᠡᠷᠢ ᠵᠡᠷᠭᠡ ᠵᠢ ᠠᠵᠢᠭᠯᠠᠵᠤ᠂ ᠬᠤᠭᠤᠰᠤᠨ ᠬᠠᠷᠢᠴᠠᠭᠤᠯᠬᠤ ᠳᠤᠭᠤᠢ᠌ᠯᠠᠩ᠂ ᠵᠤᠩᠰᠢ ᠬᠤᠵᠢᠷ ᠢ ᠰᠤᠯᠢᠭᠰᠠᠨ ᠡᠮ ᠤᠨ ᠳᠤᠭᠤᠢ᠌ᠯᠠᠩ᠂ ᠬᠢᠰᠢᠬᠦᠨᠠ ᠵᠢ ᠰᠤᠯᠢᠭᠰᠠᠨ ᠡᠮ ᠤᠨ ᠳᠤᠭᠤᠢ᠌ᠯᠠᠩ ᠪᠠ ᠴᠠᠷᠳᠠᠭᠤᠯ ᠤᠨ ᠳᠤᠭᠤᠢ᠌ᠯᠠᠩ ᠲᠠᠢ ᠬᠤᠷᠢᠴᠠᠭᠤᠯᠪᠠ᠃ ᠦᠷ᠎ᠡ ᠳ᠋ᠦᠩ᠄ ᠬᠤᠭᠤᠰᠤᠨ ᠬᠠᠷᠢᠴᠠᠭᠤᠯᠬᠤ ᠳᠤᠭᠤᠢ᠌ᠯᠠᠩ᠂ ᠵᠤᠩᠰᠢ ᠬᠤᠵᠢᠷ ᠢ ᠰᠤᠯᠢᠭᠰᠨ ᠡᠮ ᠤᠨ ᠳᠤᠭᠤᠢ᠌ᠯᠠᠩ ᠪᠠ ᠴᠠᠷᠳᠠᠭᠤᠯ ᠤᠨ ᠳᠤᠭᠤᠢ᠌ᠯᠠᠩ ᠲᠠᠢ ᠬᠠᠷᠢᠴᠠᠭᠤᠯᠪᠠᠯ᠂ ᠡᠮᠤᠷ—6 ᠋᠋᠋ᠨᠢ ᠪᠢᠴᠢᠬᠠᠨ ᠬᠤᠯᠤᠭᠠᠨ᠎ᠠ ᠶᠢᠨ ᠪᠠᠭᠠᠰᠤᠨ ᠤ ᠬᠡᠮᠵᠢᠶ᠎ᠠ ᠵᠢ ᠢᠯᠡᠳᠳᠡ ᠨᠡᠮᠡᠭᠳᠡᠭᠦᠯᠦᠨ᠂ ᠪᠠᠭᠠᠰᠤ ᠵᠢ ᠨᠢ ᠵᠦᠭᠡᠯᠡᠷᠡᠭᠦᠯᠦᠨᠠ᠃ ᠪᠢᠴᠢᠬᠠᠨ ᠬᠤᠯᠤᠭᠠᠨ᠎ᠠ ᠶᠢᠨ ᠭᠠᠳᠠᠭᠠᠯᠠᠬᠤ ᠴᠠᠭ ᠢ ᠴᠤ ᠵᠤᠬᠢᠬᠤ ᠬᠡᠮᠵᠢᠶ᠎ᠠ ᠪᠡᠷ ᠪᠤᠭᠤᠨᠢᠰᠬᠠᠨ ᠠ᠃ᠬᠢᠰᠢᠬᠦᠨᠠ ᠵᠢ ᠰᠤᠯᠢᠭᠰᠠᠨ ᠡᠮ ᠤᠨ ᠳᠤᠭᠤᠢ᠌ᠯᠠᠩ ᠢ ᠴᠠᠷᠳᠠᠭᠤᠯ ᠤᠨ ᠳᠤᠭᠤᠢ᠌ᠯᠠᠩ ᠲᠠᠢ ᠬᠠᠷᠢᠴᠠᠭᠤᠯᠪᠠᠯ᠂ ᠮᠦᠨ ᠪᠢᠴᠢᠬᠠᠨ ᠬᠤᠯᠤᠭᠠᠨ᠎ᠠ ᠶᠢᠨ ᠪᠠᠭᠠᠰᠤᠨ ᠤ ᠬᠡᠮᠵᠢᠶ᠎ᠠ ᠵᠢ ᠢᠯᠡᠳᠳᠡ ᠨᠡᠮᠡᠭᠳᠡᠭᠦᠯᠦᠨ ᠂ ᠪᠠᠭᠠᠰᠤ ᠵᠢ ᠵᠦᠬᠡᠯᠡᠷᠡᠭᠦᠯᠦᠨ ᠡ᠃ ᠳ᠋ᠦᠩᠨᠡᠯᠳᠡ᠄ ᠡᠮᠤᠷ—6 ᠋᠋ᠨᠢ ᠪᠢᠴᠢᠬᠠᠨ ᠬᠤᠯᠤᠭᠠᠨ᠎ᠠ ᠶᠢᠨ ᠬᠤᠷᠭᠤᠰᠤᠯᠬᠤ ᠵᠢ ᠡᠰᠡᠷᠭᠦᠴᠡᠬᠦ ᠦᠢᠯᠡᠳᠤᠯ ᠲᠡᠢ᠃ ᠦᠢᠯᠡᠳᠤᠯ ᠤᠨ ᠤᠭ ᠶᠤᠰᠤ ᠨᠢ ᠭᠤᠤᠯᠳᠤᠭᠤ ᠵᠤᠩᠰᠢ ᠬᠤᠵᠢᠷ ᠡᠴᠡ ᠪᠤᠯᠤᠭᠰᠠᠨ ᠬᠡᠳᠡᠰᠤᠨ ᠤ ᠨᠡᠪᠴᠢᠬᠦ ᠳᠡᠷᠤᠯᠳᠡ ᠵᠢ ᠨᠡᠮᠡᠭᠳᠡᠭᠦᠯᠤᠨ ᠪᠠᠭᠳᠠᠭᠠᠮᠵᠢ ᠵᠢ ᠶᠡᠬᠡᠰᠹᠡᠬᠦ ᠦᠢᠯᠡᠳᠤᠯ ᠲᠡᠢ ᠬᠠᠷᠢᠴᠠᠭ᠎ᠠ ᠲᠠᠢ ᠪᠠᠢ᠌ᠵᠤ᠂ ᠬᠢᠰᠢᠭᠦᠨᠡ ᠡᠴᠡ ᠪᠤᠯᠬᠤ ᠬᠡᠳᠡᠰᠤᠨ ᠤ ᠬᠦᠷᠪᠡᠯᠵᠡᠯ ᠢ ᠠᠬᠢᠭᠤᠯᠬᠤ ᠦᠢᠯᠡᠳᠤᠯ ᠨᠢ ᠳᠡᠳ᠋ ᠪᠡᠢ᠌ᠷᠢ ᠵᠢ ᠡᠵᠡᠯᠡᠵᠤ ᠪᠤᠢ᠃ |
Original Literature |
View Original Paper
|
出自 |
内蒙古民族大学学报(蒙医药学)
2005年
第1期
|