Abstract |
ᠡᠨᠳᠡ ᠲᠤᠯᠢᠯᠠᠭᠤᠯᠤᠨ ᠪᠠᠢᠭ᠎ᠠ《ᠮᠣᠩᠭᠤᠯ ᠰᠢᠯᠦᠭ ᠤᠨ ᠤᠴᠢᠷ》ᠪᠣᠯ ᠮᠣᠩᠭᠤᠯ ᠤᠯᠤᠰ ᠤᠨ ᠡᠷᠳᠡᠮᠲᠡᠨ ᠪᠢᠮᠪᠠ ᠶᠢᠨ ᠷᠢᠨᠴᠢᠨ ᠤ ᠮᠣᠩᠭᠤᠯ ᠰᠢᠯᠦᠭ ᠤᠨ ᠲᠤᠭᠲᠠᠯᠴᠠᠭᠠᠨ ᠤ ᠰᠣᠳᠣᠯᠣᠯ ᠤᠨ ᠡᠷᠳᠡᠮ ᠰᠢᠨᠵᠢᠯᠡᠭᠡᠨ ᠤ ᠰᠣᠳᠤᠨ ᠪᠦᠲᠦᠭᠡᠯ ᠪᠣᠯᠬᠤ ᠶᠣᠮ᠃ ᠮᠣᠩᠭᠤᠯ ᠤᠯᠤᠰ ᠤᠨ ᠨᠡᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠬᠡᠯᠡ ᠵᠣᠬᠢᠶᠠᠯ ᠤᠨ ᠬᠦᠷᠢᠶᠡᠯᠡᠩ ᠡᠴᠡ ᠡᠷᠬᠢᠯᠡᠨ ᠪᠤᠢ《ᠬᠡᠯᠡ ᠵᠣᠬᠢᠶᠠᠯ ᠰᠣᠳᠣᠯᠣᠯ》 ᠴᠣᠪᠤᠷᠠᠯ ᠤᠨ 1969 ᠣᠨ ᠤ ᠲᠤᠯᠤᠳᠤᠭᠠᠷ ᠪᠣᠳᠢ᠂ 1970 ᠣᠤᠨ ᠤ ᠨᠢᠢᠮᠠᠳᠤᠭᠠᠷ ᠪᠣᠳᠢ ᠳ᠋ᠤ ᠨᠡᠢᠲᠡᠯᠡᠭᠦᠯᠦᠭᠰᠡᠨ 50 ᠮᠢᠩᠭᠠᠭᠠᠳ ᠦᠰᠦᠭ ᠪᠦᠭᠦᠢ ᠮᠣᠩᠭᠤᠯ ᠰᠢᠨ᠎ᠡ ᠦᠰᠦᠭ ᠤᠨ ᠦᠭᠦᠯᠡᠯ ᠢ ᠨᠢ ᠡᠨᠳᠡ ᠣᠷᠴᠢᠭᠤᠯᠤᠨ ᠪᠠᠭᠤᠯᠭᠠᠵᠤ ᠨᠡᠢᠳᠡᠯᠡᠭᠦᠯᠦᠭᠰᠡᠨ ᠮᠢᠨᠦ ᠰᠠᠨᠠᠭ᠎ᠠ ᠪᠣᠯᠪᠠᠰᠤ ᠡᠸᠥ᠋ᠷᠦᠫᠡ ᠳ᠋ᠡᠬᠢᠨ ᠤ ᠰᠢᠯᠦᠭ ᠰᠣᠳᠤᠯᠭᠠᠨ ᠤ ᠠᠷᠭ᠎ᠠ ᠪᠠᠷᠢᠯ ᠢᠢᠡᠷ ᠮᠣᠩᠭᠤᠯ ᠰᠢᠯᠦᠭ ᠤᠨ ᠬᠡᠯᠪᠡᠷᠢ ᠪᠦᠲᠦᠴᠡ ᠶᠢᠨ ᠠᠰᠠᠭᠤᠳᠠᠯ ᠢ ᠲᠡᠦᠬᠡᠴᠢᠯᠠᠨ ᠰᠢᠨᠵᠢᠯᠡᠭᠰᠡᠨ ᠦᠨᠡᠲᠦ ᠵᠦᠢᠯ ᠨᠢ ᠮᠠᠨ ᠤ ᠦᠨᠦᠳᠦᠷ ᠤᠨ ᠮᠣᠩᠭᠤᠯ ᠰᠢᠯᠦᠭ ᠤᠨ ᠰᠣᠳᠤᠯᠭᠠᠨ ᠳ᠋ᠤ ᠦᠴᠦᠬᠡᠨ ᠲᠡᠳᠦᠢ ᠴᠣ ᠠᠲᠤᠭᠠᠢ ᠯᠠᠪᠯᠡᠯᠲᠡ ᠪᠣᠯᠬᠤ ᠪᠣᠯᠪᠠ ᠤᠤ ᠭᠡᠰᠡᠨ ᠳ᠋ᠠᠭᠡᠨ ᠪᠠᠢᠭ᠎ᠠ ᠶᠣᠮ᠃ |