Abstract |
ᠮᠣᠩᠭᠤᠷ ᠬᠡᠯᠡᠨ ᠦ ᠦᠢᠯᠡ ᠦᠭᠡ ᠶᠢᠨ ᠬᠤᠪᠢᠷᠠᠯ ᠤᠨ ᠰᠢᠰᠲ᠋ᠧᠮ ᠡᠴᠡ ᠦᠵᠡᠬᠦ ᠳᠦ᠂ ᠨᠦᠬᠦᠴᠡᠯ ᠦᠢᠯᠡ ᠲᠡᠮᠳᠡᠭ ᠦᠢᠯᠡ ᠶᠢᠨ ᠬᠤᠢᠨ᠎ᠠ i: ᠪᠤᠶᠤ a ᠳᠠᠭᠠᠵᠤ ᠣᠷᠤᠬᠤ ᠪᠠᠢᠳᠠᠯ ᠣᠯᠠᠨ ᠲᠤᠬᠢᠶᠠᠯᠳᠤᠨ᠎ᠠ᠃ ᠡᠨᠡ ᠲᠤᠬᠠᠢ ᠮᠢᠩᠭ᠍ᠠ ᠶᠢᠰᠦᠨ ᠵᠠᠭᠤ ᠭᠤᠴᠢᠭᠠᠳ ᠣᠨ ᠤ ᠦᠶ᠎ᠡ ᠳᠦ ᠮᠤᠰᠲ᠋ᠧᠷᠲ᠋ ᠡᠴᠡ ᠮᠣᠩᠭᠤᠯ ᠬᠡᠯᠡᠨ ᠦ ᠵᠦᠢ ᠶᠢ ᠪᠢᠴᠢᠬᠦ ᠦᠶ᠎ᠡ ᠳᠦ᠂ ᠠᠰᠠᠭᠤᠳᠠᠯ ᠢ ᠳᠤᠷᠠᠳᠴᠤ ᠭᠠᠷᠭᠠᠭᠰᠠᠨ ᠪᠤᠯᠪᠠᠴᠤ᠂ ᠬᠠᠷᠢᠭᠤ ᠦᠭᠴᠦ ᠴᠢᠳᠠᠭᠰᠠᠨ ᠦᠭᠡᠢ᠃ ᠲᠠᠪᠢᠨ ᠲᠠᠪᠤ ᠵᠢᠷᠭᠤᠳᠤᠭᠠᠷ ᠣᠨ ᠳᠤ ᠮᠠᠨ ᠤ ᠪᠠᠢᠴᠠᠭᠠᠬᠤ ᠠᠩᠭᠢ ᠠᠴᠠ ᠡᠭᠦᠨ ᠦ ᠲᠤᠬᠠᠢ ᠡᠳᠦᠢ ᠲᠡᠳᠦᠢ ᠮᠠᠲ᠋ᠧᠷᠢᠶᠠᠯ ᠢ ᠴᠤᠭᠯᠠᠭᠤᠯᠵᠤ ᠨᠢᠭᠡ ᠬᠡᠮᠵᠢᠶ᠎ᠡ ᠪᠡᠷ ᠶᠠᠷᠢᠯᠴᠠᠵᠤ ᠪᠠᠢᠭᠰᠠᠨ ᠪᠤᠯᠪᠠᠴᠤ ᠲᠤᠳᠤᠷᠬᠠᠢ ᠳ᠋ᠦᠩ ᠭᠠᠷᠭᠠᠵᠤ ᠴᠢᠳᠠᠭᠰᠠᠨ ᠦᠭᠡᠢ᠃ |