Abstract |
20-21 ᠳ᠋ᠤᠭᠡᠷ ᠵᠠᠭᠤᠨ ᠤ ᠦᠶ᠎ᠡ ᠳᠤ ᠬᠡᠳᠤᠨ ᠦᠶ᠎ᠡ ᠶᠢᠨ ᠬᠠᠯᠢᠮᠠᠭ ᠡᠷᠳᠡᠮᠳᠡᠳ ᠤᠨ ᠴᠢᠷᠮᠠᠢ᠋ᠯᠭᠠ ᠪᠡᠷ《ᠬᠡᠰᠡᠷ》 ᠲᠤ ᠬᠤᠯᠪᠤᠭᠳᠠᠬᠤ ᠲᠤᠳᠤ ᠮᠤᠩ᠋ᠭ᠋᠋ᠤᠯ ᠦᠰᠦᠭ ᠤᠨ ᠬᠤᠷᠢᠭᠠᠳ ᠬᠤᠪᠢ ᠭᠠᠷ ᠪᠢᠴᠢᠮᠡᠯ ᠰᠤᠳᠤᠷ ᠬᠢᠭᠡᠳ ᠠᠷᠡᠪᠠᠭᠠᠳ ᠠᠳᠠᠯᠢ ᠪᠤᠰᠤ ᠠᠭᠤᠯᠭ᠎ᠠ ᠪᠦᠬᠦᠢ ᠠᠮᠠᠨ ᠲᠸᠺᠰᠲ ᠢ ᠴᠤᠭᠯᠠᠭᠤᠯᠤᠭᠰᠠᠨ ᠪᠠᠢ᠋ᠪᠡ᠃ ᠡᠬᠦᠨ ᠳᠤ ᠭᠠᠷ ᠪᠢᠴᠢᠮᠡᠯ《ᠭᠡᠰᠡᠷ》 ᠨᠢ ᠭᠤᠤᠯᠳᠠᠭᠤ ᠯᠦᠩ ᠹᠦ᠋ ᠰᠧ ᠬᠡᠢ᠋ᠳ ᠤᠨ 《 ᠬᠡᠰᠡᠷ》 ᠲᠤ ᠬᠤᠯᠪᠤᠭᠳᠠᠵᠦ᠂ ᠠᠮᠠᠨ 《 ᠬᠡᠰᠡᠷ》 ᠨᠢ ᠬᠠᠷᠢᠨ ᠯᠦᠩ ᠹᠦ᠋ ᠰᠸ ᠬᠡᠢ᠋ᠳ ᠤᠨ 《ᠬᠡᠰᠡᠷ》 ᠬᠢᠭᠡᠳ ᠪᠡᠭᠡᠵᠢᠩ ᠪᠡᠷ ᠤᠨ 《ᠭᠡᠰᠡᠷ》᠋ ᠤᠨ ᠠᠮᠠᠨ ᠤᠯᠠᠮᠵᠢᠯᠠᠯ ᠪᠤᠶᠤ ᠡᠰᠡᠬᠦᠯ᠎ᠡ《ᠭᠡᠰᠡᠷ》᠋ ᠤᠨ ᠨᠡᠷ᠎ᠡ ᠬᠠᠯᠳᠠᠭᠠᠭᠰᠠᠨ ᠶᠠᠪᠠᠭᠠᠨ ᠦᠯᠢᠭᠡᠷ ᠪᠤᠶᠤ ᠲᠤᠮᠤᠭ ᠶᠠᠷᠢᠶ᠎ᠠ ᠪᠤᠯᠤᠨ᠎ᠠ᠃ |