Title |
ᠨᠡᠷᠡᠢᠳᠬᠦ ᠪᠤᠳᠠᠲᠤ ᠪᠡᠶ᠎ᠡ ᠶᠢ ᠢᠯᠭᠠᠨ ᠲᠠᠨᠢᠬᠤ ᠰᠤᠳᠤᠯᠭᠠᠨ ᠤ ᠪᠠᠢᠳᠠᠯ |
Creator |
ᠨᠠᠨᠳᠢᠨ |
Keyword |
ᠨᠡᠷᠡᠢᠳᠬᠦ ᠪᠤᠳᠠᠲᠤ ᠪᠡᠶ᠎ᠡ; ᠰᠤᠳᠤᠯᠭᠠᠨ ᠤ ᠲᠤᠢᠮᠤ; ᠮᠠᠲ᠋ᠧᠷᠢᠶᠠᠯ ᠤᠨ ᠬᠦᠮᠦᠷᠭᠡ; ᠲᠡᠮᠳᠡᠭ ᠬᠠᠳᠠᠬᠤ |
Abstract |
ᠨᠡᠷᠡᠢᠳᠬᠦ ᠪᠤᠳᠠᠲᠤ ᠪᠡᠶ ᠡ ᠶᠢ ᠢᠯᠭᠠᠨ ᠲᠠᠨᠢᠬᠤ ᠭᠡᠵᠦ ᠬᠡᠯᠡᠨ ᠳᠡᠬᠢ ᠲᠤᠰᠬᠠᠢ ᠨᠡᠷ᠎ᠡ᠂ ᠴᠠᠭ ᠬᠤᠭᠤᠴᠠᠭ᠎ᠠ᠂ ᠡᠳᠦᠷ ᠰᠠᠷ᠎ᠠ᠂ ᠲᠤᠭ᠎ᠠ ᠬᠡᠮᠵᠢᠭᠳᠡᠯ ᠬᠡᠯᠬᠢᠴᠡ ᠵᠡᠷᠭᠡ ᠶᠢ ᠢᠯᠭᠠᠨ ᠲᠠᠨᠢᠬᠤ ᠶᠢ ᠬᠡᠯᠡᠵᠦ᠂ ᠡᠨᠡ ᠨᠢ ᠪᠠᠢᠭᠠᠴᠢ ᠬᠡᠯᠡ ᠰᠢᠢᠳᠪᠦᠷᠢᠯᠡᠯᠲᠡ ᠶᠢᠨ ᠮᠡᠷᠭᠡᠵᠢᠯ ᠦᠨ ᠠᠰᠠᠭᠤᠳᠠᠯ ᠤᠨ ᠴᠢᠬᠤᠯᠠ ᠪᠦᠷᠢᠯᠳᠦᠭᠦᠨ ᠬᠡᠰᠡᠭ ᠪᠤᠯᠬᠤ ᠪᠦᠭᠡᠳ ᠦᠨᠳᠦᠰᠦᠨ ᠰᠠᠭᠤᠷᠢ ᠠᠭᠤᠯᠭ᠎ᠠ ᠪᠤᠯᠤᠨ᠎ᠠ᠃ ᠡᠭᠦᠨ ᠦ ᠳᠤᠲᠤᠷ᠎ᠠ ᠲᠤᠰᠬᠠᠢ ᠨᠡᠷ᠎ᠡ ᠶᠢ ᠢᠯᠭᠠᠨ ᠲᠠᠨᠢᠬᠤ ᠭᠡᠳᠡᠭ ᠨᠢ ᠭᠤᠤᠯᠳᠠᠭᠤ ᠬᠦᠮᠦᠨ ᠦ ᠨᠡᠷ᠎ᠡ᠂ ᠭᠠᠵᠠᠷ ᠤᠨ ᠨᠡᠷ᠎ᠡ᠂ ᠪᠠᠢᠭᠤᠯᠭ᠎ᠠ ᠶᠢᠨ ᠨᠡᠷ᠎ᠡ ᠶᠢ ᠢᠯᠭᠠᠨ ᠲᠠᠨᠢᠬᠤ ᠠᠰᠠᠭᠤᠳᠠᠯ ᠪᠤᠯᠤᠨ᠎ᠠ᠃ ᠲᠤᠰ ᠦᠭᠦᠯᠡᠯ ᠳᠦ ᠦᠭᠦᠯᠡᠪᠦᠷᠢ ᠳᠦ ᠨᠡᠷᠡᠢᠳᠬᠦ ᠪᠤᠳᠠᠲᠤ ᠪᠡᠶ᠎ᠡ ᠶᠢ ᠠᠦ᠋ᠲ᠋ᠤᠴᠢᠯᠠᠨ ᠲᠠᠨᠢᠬᠤ ᠰᠤᠳᠤᠯᠭᠠᠨ ᠤ ᠦᠨᠳᠦᠰᠦᠨ ᠠᠭᠤᠯᠭ᠎ᠠ ᠪᠠ ᠵᠤᠷᠢᠯᠭ᠎ᠠ ᠵᠢᠴᠢ ᠲᠡᠭᠦᠨ ᠦ ᠠᠴᠢ ᠬᠤᠯᠪᠤᠭᠳᠠᠯ ᠢ ᠳᠦᠭᠦᠮ ᠲᠠᠨᠢᠯᠴᠠᠭᠤᠯᠵᠤ᠂ ᠦᠭᠦᠯᠡᠪᠦᠷᠢ ᠳᠦ ᠨᠡᠷᠡᠢᠳᠬᠦ ᠪᠤᠳᠠᠲᠤ ᠪᠡᠶ᠎ᠡ ᠶᠢ ᠠᠦ᠋ᠲ᠋ᠤᠴᠢᠯᠠᠨ ᠲᠠᠨᠢᠬᠤ ᠰᠤᠳᠤᠯᠭᠠᠨ ᠤ ᠮᠣᠩᠭᠤᠯ ᠬᠡᠯᠡᠨ ᠳᠡᠬᠢ᠂ ᠪᠤᠰᠤᠳ ᠬᠡᠯᠡᠨ ᠳᠡᠬᠢ ᠲᠤᠢᠮᠤ ᠪᠠᠢᠳᠠᠯ ᠢ ᠡᠮᠬᠢᠳᠭᠡᠨ ᠦᠭᠦᠯᠡᠵᠦ᠂ ᠮᠣᠩᠭᠤᠯ ᠬᠡᠯᠡᠨ ᠦ ᠮᠠᠲ᠋ᠧᠷᠢᠶᠠᠯ ᠤᠨ ᠬᠦᠮᠦᠷᠭᠡ ᠳᠦ ᠨᠡᠷᠡᠢᠳᠬᠦ ᠪᠤᠳᠠᠲᠤ ᠪᠡᠶ᠎ᠡ ᠶᠢ ᠠᠦ᠋ᠲ᠋ᠤᠴᠢᠯᠠᠨ ᠬᠠᠳᠠᠬᠤ ᠰᠤᠳᠤᠯᠭᠠᠨ ᠤ ᠬᠤᠵᠢᠮ ᠤᠨ ᠬᠠᠷᠠᠯᠲᠠ ᠶᠢ ᠳᠦᠭᠦᠮ ᠲᠦᠰᠦᠪᠯᠡᠭᠰᠡᠨ ᠪᠠᠢᠨ᠎ᠠ᠃ |
Original Literature |
View Original Paper
|
出自 |
中国蒙古学
2015年
第3期
|