Paper Information


Title 18 ᠳᠤᠭᠠᠷ ᠵᠠᠭᠤᠨ ᠤ ᠮᠣᠩᠭᠤᠯ ᠬᠠᠳ ᠤᠨ ᠦᠨᠳᠦᠰᠦᠨ ᠦ ᠲᠡᠦᠬᠡ ᠪᠢᠴᠢᠯᠭᠡ ᠶᠢᠨ ᠨᠡᠢᠲᠡᠯᠢᠭ ᠣᠨᠴᠠᠯᠢᠭ ᠤᠨ ᠲᠤᠬᠠᠢ ᠦᠭᠦᠯᠡᠬᠦ ᠨᠢ
Creator ᠨᠠᠷᠠᠰᠤ
Keyword 18 ᠳᠤᠭᠠᠷ ᠵᠠᠭᠤᠨ; ᠬᠠᠳ ᠤᠨ ᠦᠨᠳᠦᠰᠦᠨ ᠦ ᠲᠡᠦᠬᠡ ᠪᠢᠴᠢᠯᠭᠡ; ᠨᠡᠢᠲᠡᠯᠢᠭ ᠣᠨᠴᠠᠯᠢᠭ
Abstract 18 ᠳᠤᠭᠠᠷ ᠵᠠᠭᠤᠨ ᠤ ᠮᠣᠩᠭᠤᠯ ᠬᠠᠳ ᠤᠨ ᠦᠨᠳᠦᠰᠦᠨ ᠦ ᠲᠡᠦᠬᠡ ᠪᠢᠴᠢᠯᠭᠡ ᠶᠢᠨ ᠨᠡᠢᠲᠡᠯᠢᠭ ᠣᠨᠴᠠᠯᠢᠭ ᠨᠢ ᠠᠭᠤᠯᠭ᠎ᠠ ᠶᠢᠨ ᠲᠠᠯ᠎ᠠ ᠪᠠᠷ ᠬᠠᠳ ᠤᠨ ᠦᠨᠳᠦᠰᠦ ᠶᠢ ᠣᠨ ᠳᠠᠷᠠᠭᠠᠯᠠᠨ ᠪᠢᠴᠢᠭᠰᠡᠨ ᠪᠠ ᠦᠪᠡᠷ ᠦᠨ ᠣᠷᠤᠰᠢᠨ ᠠᠮᠢᠳᠤᠷᠠᠵᠤ ᠪᠠᠢᠭᠰᠠᠨ 18 ᠳᠤᠭᠠᠷ ᠵᠠᠭᠤᠨ ᠤ ᠬᠠᠳ ᠨᠤᠶᠠᠳ ᠤᠨ ᠤᠭ ᠦᠨᠳᠰᠦ ᠶᠢ ᠨᠠᠷᠢᠯᠢᠭ ᠪᠢᠴᠢᠵᠦ᠂ ᠲᠡᠦᠬᠡᠨ ᠬᠡᠷᠡᠭ ᠤᠴᠢᠷ ᠤᠨ ᠲᠡᠮᠳᠡᠭᠯᠡᠯ ᠳᠦ ᠰᠢᠭᠦᠮᠵᠢᠯᠡᠯᠲᠡᠢ ᠬᠠᠨᠳᠤᠵᠤ ᠲᠡᠦᠬᠡᠨ ᠰᠢᠭᠦᠮᠵᠢ ᠦᠯᠡᠳᠡᠭᠡᠭᠰᠡᠨ ᠢᠶᠡᠷ ᠢᠶᠡᠨ ᠣᠨᠴᠠᠯᠠᠭᠳᠠᠵᠤ ᠪᠠᠢᠳᠠᠭ᠃ ᠪᠢᠴᠢᠯᠭᠡ ᠶᠢᠨ ᠬᠡᠯᠪᠡᠷᠢ ᠨᠢ ᠪᠦᠯᠦᠭᠴᠢᠯᠡᠨ ᠪᠢᠴᠢᠬᠦ ᠠᠷᠭ᠎ᠠ ᠶᠢ ᠬᠡᠷᠡᠭᠯᠡᠵᠦ ᠬᠠᠳ ᠨᠤᠶᠠᠳ ᠤᠨ ᠤᠭ ᠦᠨᠳᠦᠰᠦ᠂ ᠮᠣᠩᠭᠤᠯ ᠨᠤᠶᠠᠳ ᠤᠨ ᠦᠶ᠎ᠡ ᠬᠡᠯᠬᠢᠶ ᠡ ᠶᠢ ᠦᠪᠡᠷ ᠦᠨ ᠲᠡᠦᠬᠡ ᠪᠢᠴᠢᠭᠰᠡᠨ 18 ᠳᠤᠭᠠᠷ ᠵᠠᠭᠤᠨ ᠪᠤᠯᠲᠠᠯ᠎ᠠ ᠬᠡᠯᠬᠢᠨ ᠪᠢᠴᠢᠭᠯᠡᠭᠰᠡᠨ ᠨᠢ ᠪᠠᠰᠠ ᠲᠡᠭᠦᠨ ᠦ ᠨᠢᠭᠡᠨ ᠦᠪᠡᠷᠮᠢᠴᠡ ᠣᠨᠠᠯᠢᠭ ᠪᠤᠯᠵᠠᠢ᠃ ᠲᠤᠰ ᠦᠭᠦᠯᠡᠯ ᠳᠦ᠂ ᠭᠤᠮᠪᠤᠵᠠᠪ ᠤᠨ 《ᠭᠠᠩᠭ᠍᠎᠍ᠠ ᠶᠢᠨ ᠤᠷᠤᠰᠬᠠᠯ》᠂ ᠳ᠋ᠾᠠᠷᠮ᠎ᠠ ᠬᠦᠦᠰᠢ ᠶᠢᠨ 《ᠠᠯᠲᠠᠨ ᠬᠦᠷᠳᠦᠨ ᠮᠢᠩᠭᠠᠨ ᠭᠡᠭᠡᠰᠦᠲᠦ》᠂ ᠮᠡᠷᠭᠡᠨ ᠭᠡᠭᠡᠨ ᠦ 《ᠠᠯᠲᠠᠨ ᠡᠷᠢᠭᠡ》᠂ ᠷᠠᠰᠢᠫᠤᠩᠰᠤᠭ ᠤᠨ 《ᠪᠤᠯᠤᠷ ᠡᠷᠢᠭᠡ》 ᠵᠡᠷᠭᠡ ᠲᠡᠦᠬᠡᠨ ᠰᠤᠷᠪᠤᠯᠵᠢ ᠶᠢᠨ ᠨᠡᠢᠲᠡᠯᠢᠭ ᠣᠨᠴᠠᠯᠢᠭ ᠢ ᠲᠡᠦᠬᠡᠨ ᠮᠠᠲ᠋ᠧᠷᠢᠶᠠᠯ ᠤᠨ ᠰᠤᠩᠭᠤᠯᠲᠠ᠂ ᠪᠢᠴᠢᠯᠭᠡ ᠶᠢᠨ ᠠᠷᠭ᠎ᠠ ᠭᠡᠬᠦ ᠬᠤᠶᠠᠷ ᠲᠠᠯ᠎ᠠ ᠳᠤ ᠬᠤᠷᠢᠶᠠᠨ ᠰᠢᠨᠵᠢᠯᠡᠪᠡ᠃
Original Literature View Original Paper
出自 中国蒙古学 2015年 第3期

联系我们


内蒙古大学图书馆
呼和浩特市大学西路235号
中国·内蒙古
P: (0471) 4992561
E: huangfeilong@imu.edu.cn