Paper Information


Title ᠵᠤᠰᠤᠳᠤ ᠶᠢᠨ ᠴᠢᠭᠤᠯᠭᠠᠨ ᠤ ᠴᠤᠪᠤᠭ᠎ᠠ ᠠᠩᠭᠢ ᠶᠢᠨ ᠤᠩᠨᠢᠭ᠋ᠤᠳ ᠵᠡᠭᠦᠨ ᠬᠤᠰᠢᠭᠤᠨ ᠤ ᠠᠵᠢᠯᠯᠠᠭ᠎ᠠ ᠵᠢᠴᠢ ᠲᠡᠦᠬᠡᠨ ᠦᠢᠯᠡᠳᠦᠯ
Creator ᠮᠦᠩᠭᠦᠨᠸᠠᠩᠴᠤᠭ
Keyword ᠵᠤᠰᠤᠳᠤ ᠶᠢᠨ ᠴᠢᠭᠤᠯᠭᠠᠨ ᠤ ᠴᠤᠪᠤᠭ᠎ᠠ ᠠᠩᠭᠢ; ᠠᠳᠤᠭᠤᠴᠢᠨ ᠤ ᠲᠠᠭᠤᠤ; ᠤᠩᠨᠢᠭᠤᠳ ᠵᠡᠭᠦᠨ ᠬᠤᠰᠢᠭᠤ; ᠴᠢᠯᠦᠭᠡᠯᠡᠯᠳᠡ
Abstract ᠵᠤᠰᠤᠳᠤ ᠶᠢᠨ ᠴᠢᠭᠤᠯᠭᠠᠨ ᠤ ᠴᠤᠪᠤᠭ᠎ᠠ ᠠᠩᠭᠢ 1946 ᠤᠨ ᠡᠴᠡ 1948 ᠤᠨ ᠪᠤᠯᠳᠠᠯ᠎ᠠ ᠤᠩᠨᠢᠭᠤᠳ ᠵᠡᠭᠦᠨ ᠬᠤᠰᠢᠭᠤᠨ ᠳᠤ ᠰᠠᠭᠤᠷᠢᠰᠢᠨ ᠪᠠᠢ᠌ᠯᠳᠤᠵᠤ ᠶᠠᠪᠤᠭᠰᠠᠨ ᠪᠦᠭᠡᠳ ᠤᠩᠨᠢᠭᠤᠳ ᠵᠡᠭᠦᠨ ᠬᠤᠰᠢᠭᠤᠨ ᠤ ᠵᠡᠭᠦᠨ ᠬᠡᠰᠡᠭ ᠲᠤ ᠬᠤᠪᠢᠰᠬᠠᠯ ᠤᠨ ᠰᠠᠭᠤᠷᠢᠨ ᠭᠠᠵᠠᠷ ᠪᠠᠢ᠌ᠭᠤᠯᠵᠤ᠂ ᠤᠩᠨᠢᠭᠤᠳ ᠵᠡᠭᠦᠨ ᠪᠠ ᠪᠠᠷᠠᠭᠤᠨ ᠬᠤᠰᠢᠭᠤ᠂ ᠠᠤᠬᠠᠨ ᠬᠤᠰᠢᠭᠤ᠂ ᠹᠦᠰᠢᠨ ᠪᠤᠯᠤᠨ ᠴᠤᠤᠶᠠᠩ ᠵᠡᠷᠭᠡ ᠭᠠᠵᠠᠷ ᠤᠳ ᠤᠨ ᠦᠨᠳᠦᠰᠦᠳᠡᠨ ᠤ ᠬᠤᠪᠢᠰᠬᠠᠯ ᠤᠨ ᠬᠦᠴᠦᠨ ᠢ ᠡᠨᠳᠡ ᠲᠦᠪᠯᠡᠷᠡᠭᠦᠯᠵᠦ᠂ ᠵᠤᠰᠤᠳᠤ ᠶᠢᠨ ᠴᠤᠪᠤᠭ᠎ᠠ ᠶᠢᠨ ᠠᠩᠭᠢ ᠶᠢᠨ ᠬᠤᠪᠢᠰᠬᠠᠯ ᠤᠨ ᠰᠠᠭᠤᠷᠢᠨ ᠭᠠᠵᠠᠷ ᠪᠤᠯᠭᠠᠬᠤ ᠭᠡᠵᠦ ᠬᠦᠴᠦᠯᠡᠵᠦ ᠪᠠᠢ᠌ᠭᠰᠠᠨ ᠶᠤᠮ᠃ ᠭᠡᠪᠡᠴᠦ ᠵᠤᠰᠤᠳᠤ ᠶᠢᠨ ᠴᠢᠭᠤᠯᠭᠠᠨ ᠤ ᠴᠤᠪᠤᠭ᠎ᠠ ᠠᠩᠭᠢ ᠶᠢᠨ ᠤᠩᠨᠢᠭᠤᠳ ᠵᠡᠭᠦᠨ ᠬᠤᠰᠢᠭᠤᠨ ᠳᠡᠬᠢ ᠠᠵᠢᠯᠯᠠᠭᠠᠨ ᠤ ᠲᠤᠬᠠᠢ ᠰᠢᠨᠵᠢᠯᠡᠭᠡ ᠤᠳᠤ ᠪᠤᠯᠳᠠᠯ᠎ᠠ ᠬᠠᠷᠠᠬᠠᠨ ᠬᠤᠮᠰᠠᠬᠠᠨ ᠪᠠᠢ᠌ᠭᠰᠠᠭᠠᠷ᠃ ᠵᠤᠬᠢᠶᠠᠭᠴᠢ ᠶᠢᠨ ᠨᠡᠢ᠌ᠭᠡᠮ ᠤᠨ ᠪᠠᠢ᠌ᠴᠠᠭᠠᠯᠳᠠ ᠶᠢᠨ ᠶᠠᠪᠤᠴᠠ ᠳᠤ ᠤᠩᠨᠢᠭᠤᠳ ᠵᠡᠭᠦᠨ ᠬᠤᠰᠢᠭᠤᠨ ᠡᠴᠡ ᠤᠯᠳᠠᠭᠰᠠᠨ 《ᠵᠤᠰᠤᠳᠤ ᠶᠢᠨ ᠴᠤᠪᠤᠭ᠎ᠠ ᠠᠩᠭᠢ ᠶᠢᠨ ᠠᠳᠤᠭᠤᠴᠢᠨ ᠤ ᠲᠠᠭᠤᠤ》 ᠭᠡᠳᠡᠭ ᠲᠠᠭᠤᠤ ᠨᠢ ᠵᠤᠰᠤᠳᠤ ᠶᠢᠨ ᠴᠢᠭᠤᠯᠭᠠᠨ ᠤ ᠴᠤᠪᠤᠭ᠎ᠠ ᠠᠩᠭᠢ ᠲᠤᠰ ᠬᠤᠰᠢᠭᠤᠨ ᠳᠤ ᠴᠡᠷᠢᠭ ᠤᠨ ᠠᠭᠳᠠ ᠬᠠᠷᠢᠭᠤᠯᠵᠤ ᠪᠠᠢ᠌ᠭᠰᠠᠨ ᠭᠡᠳᠡᠭ ᠪᠠᠳᠤᠳᠠᠢ ᠮᠡᠳᠡᠭᠡ ᠶᠢ ᠬᠠᠩᠭ᠋ᠠᠵᠤ ᠪᠠᠢ᠌ᠨ᠎ᠠ᠃
Original Literature View Original Paper
出自 中国蒙古学 2012年 第1期

联系我们


内蒙古大学图书馆
呼和浩特市大学西路235号
中国·内蒙古
P: (0471) 4992561
E: huangfeilong@imu.edu.cn