Paper Information


Title ᠰᠢᠨᠵᠢᠶᠠᠩ ᠠᠷᠠᠳ ᠤᠨ ᠲᠠᠭᠤᠤ《ᠵᠡᠸᠨ ᠪᠠᠭᠠᠰᠤᠲᠠᠢ》 ᠪᠣᠯᠤᠨ ᠣᠢᠷᠠᠳ ᠤᠨ ᠲᠡᠦᠬᠡ ᠰᠣᠶᠣᠯ ᠯᠤᠭ᠋ ᠠ ᠶᠢᠨ ᠬᠠᠷᠢᠴᠠᠭ᠋ ᠠ
Creator ᠳ᠋ᠤ᠋᠂ ᠯᠸᠭᠴᠡᠭ
Keyword ᠰᠢᠨᠵᠢᠶᠠᠩ ᠣᠢᠷᠠᠳ;《ᠵᠡᠸᠨ ᠪᠠᠭᠠᠰᠤᠲᠠᠢ》; ᠭᠤᠤ ᠠ ᠰᠠᠢᠬᠠᠨ ᠤ ᠣᠨᠴᠠᠯᠢᠭ; ᠠᠴᠢ ᠬᠣᠯᠪᠤᠭᠳᠠᠯ
Abstract 《ᠵᠡᠸᠨ ᠪᠠᠭᠠᠰᠤᠲᠠᠢ》ᠭᠡᠬᠦ ᠲᠠᠭᠤᠤ ᠪᠣᠯ 20 ᠳ᠋ᠤᠭᠠᠷ ᠵᠠᠭᠤᠨ ᠤ 20ᠤᠨ  ᠤ ᠡᠬᠢᠨ  ᠤ ᠦᠶ ᠡ ᠪᠡᠷ ᠰᠢᠨᠵᠢᠶᠠᠩ  ᠤᠨ ᠴᠠᠬᠠᠷ ᠮᠣᠩᠭ᠋ᠤᠯᠴᠤᠳ ᠤᠨ ᠲᠤᠮᠳᠠ ᠵᠣᠬᠢᠶᠠᠭᠳᠠᠭᠰᠠᠨ ᠦᠪᠡᠷᠮᠢᠴᠡ ᠣᠨᠴᠠᠭᠠᠢ ᠲᠠᠭᠤᠤ ᠶᠣᠮ᠃ ᠲᠤᠰ ᠲᠠᠭᠤᠤ ᠨᠢ ᠲᠡᠦᠬᠡᠨ ᠦᠨᠡᠨ ᠬᠦᠮᠦᠨ᠂ ᠦᠨᠡᠨ ᠦᠢᠯᠡ ᠭᠡᠷᠡᠭ ᠤᠨ ᠰᠠᠭᠤᠷᠢ ᠲᠡᠭᠡᠷ ᠡ ᠵᠣᠬᠢᠶᠠᠭᠳᠠᠭᠰᠠᠨ ᠢᠢᠡᠷ ᠪᠠᠷᠠᠬᠤ ᠦᠭᠡᠢ᠂ᠰᠢᠨᠵᠢᠶᠠᠩ ᠮᠣᠩᠭ᠋ᠤᠯᠴᠤᠳ ᠤᠨ ᠣᠷᠴᠢᠨ ᠦᠶ ᠡ ᠶᠢᠨ ᠲᠡᠦᠬᠡᠨ ᠲᠡᠭᠡᠷ ᠡ ᠴᠠᠭ ᠦᠶ ᠡ ᠵᠢ ᠵᠠᠭᠠᠭᠯᠠᠭᠰᠠᠨ ᠲᠠᠭᠤᠤ ᠪᠣᠯᠬᠤ ᠪᠦᠭᠡᠳ ᠣᠢᠢᠷᠠᠳ ᠮᠣᠩᠭ᠋ᠤᠯ ᠠᠷᠠᠳ ᠤᠨ ᠲᠠᠭᠤᠤ ᠶᠢᠨ ᠲᠣᠲᠤᠷ ᠠ ᠡᠴᠡ ᠨᠢᠯᠢᠶᠡᠳ ᠦᠪᠡᠷᠮᠢᠴᠡ ᠣᠨᠴᠠᠯᠢᠭ ᠲᠠᠢ ᠪᠦᠭᠡᠳ ᠨᠡᠢᠢᠭᠡᠮ ᠤᠨ ᠨᠦᠯᠦᠭᠡ ᠲᠤᠰᠬᠠᠯ ᠢᠢᠡᠷ ᠶᠡᠬᠡᠳᠡ ᠨᠡᠷ ᠡ ᠳᠤ ᠭᠠᠷᠤᠭᠰᠠᠨ ᠲᠠᠭᠤᠤ ᠪᠢᠯᠡ᠃ ᠲᠤᠰ ᠦᠭᠦᠯᠡᠯ ᠳᠤ《ᠵᠡᠸᠨ ᠪᠠᠭᠠᠰᠤᠲᠠᠢ》ᠭᠡᠬᠦ ᠲᠠᠭᠤᠤ ᠶᠢᠨ ᠪᠣᠢ ᠪᠣᠯᠤᠭᠰᠠᠨ ᠨᠡᠢᠢᠭᠡᠮ ᠲᠡᠦᠬᠡ ᠶᠢᠨ ᠰᠢᠯᠳᠠᠭᠠᠨ ᠂ ᠲᠡᠦᠬᠡᠨ ᠠᠬᠤᠢ ᠪᠠᠢᠢᠳᠠᠯ ᠬᠢᠭᠡᠳ ᠲᠡᠭᠦᠨ ᠤ ᠨᠦᠯᠦᠭᠡ ᠲᠤᠰᠬᠠᠯ᠂ᠭᠣᠣ ᠠ ᠰᠠᠢᠢᠬᠠᠨ ᠤ ᠰᠢᠨᠵᠢ ᠪᠣᠯᠤᠨ ᠠᠴᠢ ᠬᠣᠯᠪᠤᠭᠳᠠᠯ ᠵᠡᠷᠭᠡ ᠵᠢ ᠰᠢᠨᠵᠢᠶᠠᠩ ᠣᠢᠢᠷᠠᠳ ᠤᠨ ᠲᠡᠦᠬᠡ ᠰᠣᠶᠣᠯ ᠤᠨ ᠤᠯᠠᠮᠵᠢᠯᠠᠯ ᠤᠨ ᠰᠠᠭᠤᠷᠢ ᠲᠡᠭᠡᠷ ᠡ ᠰᠢᠨᠵᠢᠯᠡᠨ ᠦᠭᠦᠯᠡᠬᠦ ᠵᠢ ᠵᠣᠷᠢᠭᠰᠠᠨ ᠪᠠᠢᠢᠨ᠌ ᠠ᠃
Original Literature View Original Paper
出自 中国蒙古学 2012年 第3期

联系我们


内蒙古大学图书馆
呼和浩特市大学西路235号
中国·内蒙古
P: (0471) 4992561
E: huangfeilong@imu.edu.cn