Title |
ᠣᠷᠴᠢᠨ ᠴᠠᠭ ᠤᠨ ᠮᠣᠩᠭᠤᠯ ᠬᠡᠯᠡᠨ ᠦ ᠴᠠᠭ ᠣᠷᠤᠨ ᠤ ᠳᠠᠢ᠌ᠢᠪᠤᠷ ᠦᠭᠡ ᠶᠢᠨ ᠬᠤᠶᠠᠳᠠᠮᠠᠯ ᠰᠢᠨᠵᠢ ᠶᠢᠨ ᠲᠤᠬᠠᠢ ᠲᠤᠪᠴᠢ ᠦᠭᠦᠯᠡᠬᠦ ᠨᠢ |
Creator |
ᠪᠤᠤ ᠨᠠᠷᠠᠰᠤ; ᠡᠷᠳᠡᠨᠢᠴᠤᠭᠯᠠ |
Keyword |
ᠳᠠᠢ᠌ᠢᠪᠤᠷᠢ ᠦᠭᠡ; ᠴᠠᠭ ᠣᠷᠤᠨ ᠤ ᠳᠠᠢ᠌ᠢᠪᠤᠷᠢ ᠦᠭᠡ; ᠬᠤᠶᠠᠳᠠᠮᠠᠯ ᠰᠢᠨᠵᠢ |
Abstract |
ᠮᠣᠩᠭᠤᠯ ᠬᠡᠯᠡᠨ ᠦ ᠦᠭᠡᠰ ᠦᠨ ᠠᠢ᠌ᠮᠠᠭ ᠤᠨ ᠲᠤᠬᠠᠢ ᠡᠷᠳᠡᠮᠲᠡᠳ ᠠᠳᠠᠯᠢ ᠪᠤᠰᠤ ᠪᠠᠷ ᠠᠩᠭᠢᠯᠠᠵᠤ ᠪᠠᠢ᠌ᠢᠬᠤ ᠶᠢ ᠬᠠᠷᠢᠴᠠᠭᠤᠯᠤᠨ ᠦᠵᠡᠬᠦ ᠳᠦ ᠭᠤᠤᠯᠳᠠᠭᠤ ᠳᠠᠢ᠌ᠢᠪᠤᠷᠢ ᠦᠭᠡ ᠶᠢᠨ ᠲᠤᠬᠠᠢ ᠠᠰᠠᠭᠤᠳᠠᠯ ᠳᠡᠭᠡᠷ᠎ᠡ ᠨᠢᠭᠡᠲᠦᠯ ᠦᠭᠡᠢ ᠪᠠᠢ᠌ᠬᠤ ᠨᠢ ᠢᠯᠡᠷᠬᠡᠢ ᠪᠠᠢ᠌ᠨ᠎ᠠ᠃ ᠳᠠᠷᠤᠢ ᠡᠷᠳᠡᠮᠲᠡᠳ ᠦᠨ ᠵᠠᠷᠢᠮ ᠨᠢ ᠳᠠᠢ᠌ᠪᠤᠷᠢ ᠦᠭᠡ ᠭᠡᠵᠦ ᠦᠵᠡᠭᠰᠡᠨ ᠢᠶᠡᠨ ᠪᠡᠶᠲᠦ ᠦᠭᠡᠨ ᠳᠦ ᠣᠷᠤᠭᠤᠯᠵᠤ᠂ ᠳᠠᠢ᠌ᠪᠤᠷᠢ ᠦᠭᠡ ᠪᠢᠰᠢ ᠭᠡᠵᠦ ᠦᠵᠡᠭᠰᠡᠨ ᠢᠶᠡᠨ ᠬᠡᠢ᠌ᠰᠪᠦᠷᠢ ᠦᠭᠡᠨ ᠳᠦ ᠪᠠᠭᠲᠠᠭᠠᠭᠰᠠᠨ ᠪᠠᠢ᠌ᠨ᠎ᠠ᠃ ᠦᠨᠡᠨ ᠳᠡᠭᠡᠨ 《ᠭᠠᠳᠠᠨ᠎ᠠ᠂ ᠳᠤᠲᠤᠨ᠎ᠠ᠂ ᠳᠡᠭᠡᠷ᠎ᠡ᠂ ᠳᠤᠤᠷ᠎ᠠ᠂ ᠡᠮᠦᠨ᠎ᠡ᠂ ᠬᠤᠢ᠌ᠨ᠎ᠠ ᠁》ᠭᠡᠬᠦ ᠵᠡᠷᠭᠡ ᠮᠣᠩ᠋ᠭᠤᠯ ᠬᠡᠯᠡᠨ ᠦ ᠦᠭᠡ ᠪᠤᠯ ᠲᠡᠢ᠌ᠨ ᠢᠯᠭᠠᠯ ᠢᠶᠠᠷ ᠢᠯᠭᠠᠯᠠᠭᠳᠠᠬᠤ ᠪᠠ ᠦᠭᠦᠯᠡᠪᠦᠷᠢᠳᠦ ᠪᠡᠶ᠎ᠡ ᠪᠡᠨ ᠳᠠᠭᠠᠭᠠᠭᠰᠠᠨ ᠭᠡᠰᠢᠭᠦᠨ ᠪᠤᠯᠵᠤ ᠴᠢᠳᠠᠳᠠᠭ ᠲᠤᠯᠠ ᠪᠡᠶᠡᠲᠦ ᠦᠭᠡ ᠶᠢᠨ ᠰᠢᠨᠵᠢ ᠨᠢ ᠳᠠᠪᠠᠮᠠᠭᠠᠢ ᠪᠠᠢ᠌ᠳᠠᠭ᠃ ᠤᠴᠢᠷ ᠡᠢ᠌ᠮᠦ ᠡᠴᠡ ᠲᠡᠳᠡᠭᠡᠷ ᠴᠠᠭ ᠣᠷᠤᠨ ᠤ ᠳᠠᠢ᠌ᠪᠤᠷᠢ ᠦᠭᠡ ᠶᠢ ᠪᠡᠶᠡᠲᠦ ᠦᠭᠡ ᠶᠢᠨ ᠠᠢ᠌ᠮᠠᠭ ᠲᠤ ᠪᠠᠭᠲᠠᠭᠠᠨ ᠣᠷᠤᠭᠤᠯᠪᠠᠯ ᠵᠤᠬᠢᠨ᠎ᠠ᠃ |
Original Literature |
View Original Paper
|
出自 |
中国蒙古学
2013年
第4期
|