Abstract |
17 ᠳ᠋ᠤᠭᠠᠷ ᠵᠠᠭᠤᠨ ᠦ ᠳᠡᠮᠳᠠᠴᠢ ᠪᠡᠷ ᠴᠢᠩ ᠤᠯᠤᠰ ᠤᠨ ᠨᠤᠶᠠᠷᠬᠠᠭᠴᠢᠳ ᠥᠪᠥᠷ ᠮᠣᠩᠭ᠋ᠣᠯᠴᠣᠳ᠋ ᠢ ᠲᠠᠢᠯᠠᠨ ᠳᠠᠭᠠᠭᠤᠯᠤᠭᠰᠠᠨ ᠦ ᠲᠠᠷᠠᠭ᠎ᠠ᠂ ᠮᠠᠨᠵᠤ ᠨᠠᠢᠮᠠᠨ ᠬᠤᠰᠢᠭᠤᠨ ᠦ ᠲᠦᠷᠢᠮ ᠶᠢᠨᠷ ᠵᠢᠷᠭᠤᠭᠠᠨ ᠴᠢᠭᠤᠯᠭᠠᠨ ᠲᠦᠴᠢ ᠶᠢᠰᠦᠨ ᠬᠤᠰᠢᠭᠤ ᠪᠤᠯᠭᠠᠨ ᠬᠤᠪᠢᠶᠠᠵᠠᠢ᠃ ᠡᠨᠡ ᠬᠦ ᠲᠦᠷᠦ ᠶᠢᠰᠦᠨ ᠬᠤᠰᠢᠭᠤᠨ ᠳᠤ ᠬᠠᠯᠬ ᠠ ᠠᠢᠮᠠᠭ ᠤᠨ ᠬᠤᠶᠠᠷ ᠬᠤᠰᠢᠭᠤ ᠶᠢ ᠪᠠᠭᠳᠠᠭᠠᠵᠠᠢ᠃ ᠲᠤᠰ ᠥᠭᠥᠯᠡᠯ ᠳᠤ᠂ ᠭᠤᠤᠯᠳᠠᠭᠤ ᠬᠠᠯᠬ ᠠ ᠶᠢᠨ ᠳᠤᠮᠳᠠᠳᠤ ᠵᠠᠮ ᠤᠨ ᠲᠠᠢ᠌ᠵᠢ ᠪᠤᠨᠳᠠᠷ ᠤᠨ ᠴᠢᠩ ᠤᠯᠤᠰ ᠲᠤ ᠪᠠᠭᠤᠵᠤ ᠦᠭ᠍ᠬᠦᠭ᠍ᠰᠡᠨ ᠶᠠᠪᠤᠴᠠ᠂ ᠬᠤᠰᠢᠭᠤᠨ ᠵᠠᠰᠠᠭ ᠤᠨ ᠪᠠᠢ᠌ᠭᠤᠯᠤᠯ᠂ ᠨᠤᠳᠤᠭ ᠪᠡᠯᠴᠢᠭᠡᠷ ᠤᠨ ᠬᠦᠷᠢᠶ ᠠ ᠬᠡᠪᠴᠢᠶ ᠠ ᠵᠢᠴᠢ ᠲᠤᠰᠠᠭᠠᠷ ᠬᠤᠰᠢᠭᠤᠨ ᠦ ᠬᠤᠪᠢᠶᠠᠷᠢ ᠪᠡᠨ ᠠᠯᠲᠠᠭᠰᠠᠨ ᠳᠡᠦᠬᠡᠨ ᠦᠩᠬᠡᠷᠡᠯᠳᠡ ᠶᠢ ᠥᠭᠥᠯᠡᠪᠡ᠃ |