| Title | 
            ᠬᠣᠲᠠ ᠶᠢᠨ ᠬᠠᠮᠢᠶᠠᠷᠤᠯᠳᠠ ᠳ᠋ᠡᠬᠢ ᠬᠦᠴᠦᠷᠭᠡᠭ᠍ᠯᠡᠯᠲᠦ ᠬᠠᠤᠯᠢ ᠬᠡᠷᠡᠭᠵᠢᠭᠦᠯᠦᠯᠲᠡ ᠵᠢ ᠵᠠᠰᠠᠭ ᠵᠠᠬᠢᠷᠭᠠᠨ ᠤ ᠬᠠᠤᠯᠢ ᠶᠢᠨ ᠡᠭᠦᠳᠡᠨ ᠡᠴᠡ ᠵᠠᠳᠠᠯᠬᠤ ᠨᠢ | 
          
          
            | Creator | 
            ᠤᠶᠤᠨᠲ᠋ᠣᠯᠢ | 
          
          
            | Keyword | 
            ᠬᠣᠳᠠ ᠶᠢᠨ ᠬᠠᠮᠢᠶᠠᠷᠤᠯᠲᠠ; ᠬᠦᠴᠦᠷᠭᠡᠭᠯᠡᠯᠲᠦ ᠬᠠᠤᠯᠢ ᠬᠡᠷᠡᠭᠵᠢᠭᠦᠯᠦᠯ; ᠵᠠᠰᠠᠭᠠ ᠵᠠᠬᠢᠷᠬ᠋ᠠᠨ ᠤ ᠬᠠᠤᠯᠢ | 
          
          
            | Abstract | 
            ᠨᠢᠭᠡ ᠤᠯᠤᠰ ᠤᠨᠨᠡᠢᠢᠭᠡᠮ ᠤᠨ ᠬᠠᠮᠢᠶᠠᠷᠤᠯᠲᠠ ᠳ᠋ᠤ ᠠᠯᠢᠪᠡ ᠬᠠᠮᠢᠶᠠᠷᠤᠯᠳᠠ  ᠶᠢᠨ ᠪᠡᠶᠡᠴᠢ ᠴᠣᠭᠴᠠ ᠬᠢᠭᠡᠳ ᠬᠠᠮᠢᠶᠠᠷᠤᠯᠳᠠ ᠶᠢᠨ ᠠᠵᠢᠯᠯᠠᠭᠠᠨ ᠨᠢ ᠪᠦᠷ ᠡᠷᠭᠡᠪᠰᠢ ᠬᠠᠤᠯᠢ ᠴᠠᠭᠠᠵᠠ ᠶᠢᠨ ᠦᠨᠳᠦᠰᠦᠯᠡᠯ ᠪᠠᠢᠢᠬᠤ ᠭᠡᠷᠡᠭᠲᠡᠢ᠂ ᠲᠡᠭᠡᠪᠡᠯ ᠨᠡᠢᠢᠭᠡᠮ ᠤᠨ ᠬᠠᠮᠢᠶᠠᠷᠤᠯᠲᠠ ᠶᠢᠨ ᠬᠠᠷᠢᠴᠠᠭ᠋ ᠠ ᠵᠢ ᠲᠣᠬᠢᠷᠠᠭᠤᠯᠵᠤ᠂ᠨᠡᠢᠢᠭᠡᠮ ᠤᠨ ᠬᠠᠮᠢᠶᠠᠷᠤᠯᠲᠠ ᠶᠢᠨ ᠪᠡᠶᠡᠴᠢ ᠴᠣᠭᠴᠠ ᠬᠢᠭᠡᠳ ᠨᠡᠢᠢᠭᠡᠮ ᠤᠨ ᠬᠠᠮᠢᠶᠠᠷᠤᠯᠲᠠ ᠶᠢᠨ ᠠᠵᠢᠯᠯᠠᠭᠠᠨ ᠢ ᠲᠣᠬᠢᠷᠠᠭᠤᠯᠳᠠᠭ ᠬᠠᠤᠯᠢ ᠲᠦᠷᠢᠮᠵᠢᠯ ᠨᠢ ᠭᠤᠤᠯ ᠨᠢ ᠵᠠᠰᠠᠭ ᠵᠠᠬᠢᠷᠭᠠᠨ ᠤ ᠬᠠᠯᠤᠢ ᠪᠣᠯᠤᠨ᠌ ᠠ᠃ ᠮᠠᠨ ᠤ ᠤᠯᠤᠰ ᠲᠤ ᠨᠡᠢᠢᠭᠡᠮ ᠤᠨ ᠬᠠᠮᠢᠶᠠᠷᠤᠯᠳᠠ ᠵᠢ ᠪᠠᠰᠠ ᠲᠡᠷᠦ ᠳ᠋ᠤ ᠪᠠᠨ ᠵᠠᠰᠠᠭ ᠵᠠᠬᠢᠷᠭᠠᠨ ᠤ ᠬᠠᠮᠢᠶᠠᠷᠤᠯᠲᠠ ᠭᠡᠵᠦ ᠬᠡᠯᠡᠳᠡᠭ᠂ ᠤᠴᠢᠷ ᠨᠢ ᠠᠯᠢᠪᠠ ᠨᠡᠢᠢᠭᠡᠮ ᠤᠨ ᠬᠠᠮᠢᠶᠠᠷᠤᠯᠳᠠ ᠨᠢ ᠪᠦᠷ ᠡᠷᠭᠡᠪᠰᠢ ᠤᠷᠢᠳᠠᠪᠠᠷ ᠵᠠᠰᠠᠭ ᠵᠠᠬᠢᠷᠭᠠᠨ ᠤ ᠡᠷᠭᠡ ᠪᠠᠢᠢᠵᠤ᠂ ᠬᠠᠤᠯᠢ ᠳ᠋ᠤ ᠲᠤᠭᠲᠠᠭᠠᠭᠰᠠᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠪᠡᠶᠡᠴᠢ ᠴᠣᠭᠴᠠ ᠪᠠᠢᠢᠬᠤ ᠭᠡᠷᠡᠭᠲᠡᠢ᠃ ᠬᠤᠲᠠ ᠶᠢᠨ ᠬᠠᠮᠢᠶᠠᠷᠤᠯᠲᠠ ᠨᠢ ᠨᠡᠢᠢᠭᠡᠮ ᠤᠨ ᠬᠠᠮᠢᠶᠠᠷᠤᠯᠲᠠ ᠶᠢᠨ ᠨᠢᠭᠡ ᠵᠦᠢᠢᠯ ᠪᠣᠯᠤᠭᠰᠠᠨ ᠤ ᠬᠣᠪᠢ ᠳ᠋ᠤ ᠮᠦᠨ ᠴᠦ ᠵᠠᠰᠠᠭ ᠵᠠᠬᠢᠷᠭᠠᠨ ᠤ ᠬᠤᠯᠢ ᠡᠴᠡ ᠲᠤᠬᠢᠷᠠᠭᠤᠯᠬᠤ ᠴᠢᠬᠤᠯᠠᠲᠠᠢ ᠪᠠᠢᠢᠳᠠᠭ᠃ ᠲᠤᠰ ᠦᠭᠦᠯᠡᠯ ᠳᠤ ᠵᠠᠰᠠᠭ ᠵᠠᠬᠢᠷᠭᠠᠨ ᠤ ᠬᠤᠯᠢ ᠶᠢᠨ ᠵᠣᠭᠰᠤᠴᠠ ᠡᠴᠡ ᠬᠣᠲᠠ ᠶᠢᠨ ᠬᠠᠮᠢᠶᠠᠷᠤᠯᠲᠠ ᠳ᠋ᠡᠬᠢ ᠬᠦᠴᠦᠷᠭᠡᠭ᠍ᠯᠡᠯᠲᠦ ᠬᠠᠤᠯᠢ ᠭᠡᠷᠡᠭᠵᠢᠬᠦᠯᠬᠦ ᠠᠵᠢᠯᠯᠠᠭᠠᠨ ᠤ ᠪᠣᠢ ᠪᠣᠯᠤᠭᠰᠠᠨ ᠰᠢᠯᠲᠠᠭᠠᠨ ᠬᠢᠭᠡᠳ ᠠᠷᠭ᠋ ᠠ ᠵᠠᠮ ᠤᠨ ᠲᠣᠬᠠᠢ ᠦᠭᠦᠯᠡᠭᠰᠡᠨ ᠪᠠᠢᠢᠨ᠌ ᠠ᠃ | 
          
          
            | Original Literature | 
            
              
              View Original Paper
              
             | 
          
          
            | 出自 | 
            
              赤峰学院学报(蒙文哲学社会科学版)
              2014年
              第1期
             |