Paper Information


Title 《 ᠮᠤᠩᠭ᠋ᠤᠯ ᠤᠨ ᠨᠢᠭᠤᠴᠠ ᠲᠤᠪᠴᠢᠶᠠᠨ 》ᠳ᠋ᠡᠬᠢ ᠬᠠᠰᠠᠷ
Creator ᠪᠠ᠊ • ᠮᠦᠩᠬᠡ
Keyword 《 ᠮᠤᠩᠭ᠋ᠤᠯ ᠤᠨ ᠨᠢᠭᠤᠴᠠ ᠲᠤᠪᠴᠢᠶᠠᠨ》; ᠬᠠᠰᠠᠷ; ᠪᠠᠭ᠎ᠠ ᠨᠠᠰᠤ; ᠦᠢᠯᠡ ᠠᠵᠢᠯᠯᠠᠭ᠎ᠠ; ᠦᠨᠡᠯᠡᠯᠳᠡ
Abstract 《 ᠮᠤᠩᠭ᠋ᠤᠯ ᠤᠨ ᠨᠢᠭᠤᠴᠠ ᠲᠤᠪᠴᠢᠶᠠᠨ》 ᠳᠤ ᠲᠡᠮᠳᠡᠭᠯᠡᠭᠳᠡᠭᠰᠡᠨ ᠬᠠᠰᠠᠷ ᠤᠨ ᠲᠤᠬᠠᠢ ᠲᠡᠮᠳᠡᠭᠯᠡᠯ ᠨᠢ ᠮᠦᠨ ᠡᠳᠦᠢᠬᠡᠨ ᠪᠤᠯᠪᠠᠰᠤ ᠲᠡᠢ᠌ᠮᠤ ᠠᠷᠪᠢᠨ ᠲᠠᠪᠠᠭᠤᠯᠤᠯ ᠬᠡᠳᠦᠷᠡᠭᠦᠯᠦᠯ ᠭᠡᠵᠦ ᠪᠠᠷᠤᠭ ᠪᠠᠢ᠌ᠬᠤ ᠦᠭᠡᠢ᠂ ᠲᠤᠮᠤ ᠦᠯᠢᠭᠡᠷ ᠤᠨ ᠵᠦᠢᠯ ᠴᠤ ᠦᠨᠳᠦᠰᠦᠨ ᠳᠡᠬᠡᠨ ᠦᠭᠡᠢ᠃ ᠲᠠᠷᠤᠢ ᠲᠡᠦᠬᠡᠳᠦ ᠬᠦᠮᠦᠨ ᠬᠠᠰᠠᠷ ᠪᠤᠯᠤᠨ ᠲᠡᠭᠦᠨ ᠤ ᠬᠡᠰᠡᠭ ᠪᠤᠰᠠᠭ ᠦᠢᠯᠡ ᠠᠵᠢᠯᠯᠠᠭ᠎ᠠ ᠶᠢ ᠦᠨᠡᠨ ᠮᠦᠨ ᠶᠢᠡᠷ ᠨᠢ ᠲᠡᠮᠳᠡᠭᠯᠡᠭᠰᠡᠨ ᠪᠠᠢ᠌ᠨ᠎ᠠ ᠭᠡᠵᠦ ᠦᠵᠡᠵᠦ ᠪᠤᠯᠤᠨ᠎ᠠ᠃ ᠲᠡᠭᠡᠬᠦᠯᠡᠷ ᠬᠠᠰᠠᠷ ᠤᠨ ᠲᠤᠬᠠᠢ ᠰᠤᠳᠤᠯᠬᠤ ᠳᠤ ᠬᠠᠰᠢᠯᠠ《 ᠮᠤᠩᠭ᠋ᠤᠯ  ᠤᠨ ᠨᠢᠭᠤᠴᠠ ᠲᠤᠪᠴᠢᠶᠠᠨ》 ᠶᠢᠡᠷ ᠭᠤᠤᠯ ᠰᠤᠷᠪᠤᠯᠵᠢᠰ ᠪᠤᠶᠤ ᠭᠠᠷ ᠠᠪᠤᠯᠭ᠎ᠠ ᠪᠤᠯᠭᠠᠪᠠᠯ ᠪᠢᠳᠡ ᠰᠠᠶᠢ ᠬᠠᠰᠠᠷ ᠭᠡᠳᠡᠭ ᠬᠦᠮᠦᠨ ᠢ ᠵᠦᠪ ᠲᠠᠨᠢᠨ᠂ ᠰᠢᠨᠵᠢᠯᠡᠬᠦ ᠤᠬᠠᠭᠠᠨᠴᠢ ᠪᠡᠷ ᠰᠤᠳᠤᠯᠵᠤ ᠦᠨᠡᠯᠡᠵᠦ ᠴᠢᠳᠠᠨ᠎ᠠ᠃ ᠮᠦᠨ ᠡᠢ᠌ᠮᠤ ᠨᠢᠭᠡᠨ ᠬᠦᠰᠡᠯ ᠵᠤᠷᠢᠯᠭ᠎ᠠ ᠶᠢᠨ ᠡᠭᠦᠳᠡᠨ ᠡᠴᠡ ᠲᠤᠰ ᠦᠭᠦᠯᠡᠯ ᠤᠨ ᠵᠤᠬᠢᠶᠠᠭᠴᠢ ᠪᠡᠷ 《 ᠮᠤᠩᠭ᠋ᠤᠯ ᠤᠨ ᠨᠢᠭᠤᠴᠠ ᠲᠤᠪᠴᠢᠶᠠᠨ》 ᠳᠡᠬᠢ ᠬᠠᠰᠠᠷ ᠤᠨ ᠲᠤᠬᠠᠢ ᠲᠡᠮᠳᠡᠭᠯᠡᠯ ᠤᠳ ᠢ ᠦᠭᠦᠯᠡᠯ ᠳᠡᠭᠡᠨ ᠪᠦᠷᠢᠨ᠎ᠡ ᠰᠡᠢ᠌ᠷᠡᠭᠦᠯᠵᠦ᠂ ᠨᠢᠭᠡ ᠲᠠᠯ᠎ᠠ ᠪᠡᠷ ᠦᠪᠡᠷ ᠤᠨ ᠲᠡᠪᠰᠢᠭᠦᠯᠦᠨ ᠪᠠᠢ᠌ᠭ᠎ᠠ ᠦᠵᠡᠯᠳᠡ ᠪᠠᠨ ᠪᠠᠳᠤᠯᠠᠬᠤ ᠶᠢᠨ ᠬᠠᠮᠳᠤ ᠳᠤ ᠨᠦᠭᠦᠭᠡ ᠲᠠᠯ᠎ᠠ ᠪᠡᠷ ᠮᠡᠷᠭᠡᠵᠢᠯ ᠨᠢᠭᠡᠳᠡᠢ ᠪᠤᠰᠤᠳ ᠡᠷᠳᠡᠮᠳᠡᠨ ᠰᠤᠳᠤᠯᠤᠭᠴᠢ ᠨᠠᠷ ᠲᠠᠭᠠᠨ ᠪᠠᠭ᠎ᠠ ᠴᠤ ᠭᠡᠰᠡᠨ ᠲᠦᠭᠦᠮ ᠲᠦᠳᠡ ᠪᠤᠯᠭᠠᠬᠤ ᠭᠡᠰᠡᠨ ᠵᠤᠷᠢᠯᠳᠠ ᠳᠠᠭᠠᠨ ᠦᠢᠯᠡᠴᠢᠯᠡᠵᠦ ᠪᠠᠢ᠌ᠭ᠎ᠠ ᠨᠢ ᠡᠨᠡ ᠪᠢᠯᠡ᠃
Original Literature View Original Paper
出自 中国蒙古学 2016年 第1期

联系我们


内蒙古大学图书馆
呼和浩特市大学西路235号
中国·内蒙古
P: (0471) 4992561
E: huangfeilong@imu.edu.cn