Paper Information


Title ᠬᠤᠷᠴᠢᠨ ᠠᠷᠠᠳ ᠤᠨ ᠦᠯᠢᠭᠡᠷᠲᠦ ᠳᠠᠭᠤᠤ ᠶᠢᠨ 《ᠨᠤᠲᠤᠭ ᠤᠰᠤᠨ》᠋ ᠤ ᠬᠦᠦᠷᠨᠢᠯ ᠦᠨ ᠬᠡᠪ ᠵᠠᠭᠪᠤᠷ ᠬᠢᠭᠡᠳ ᠲᠡᠭᠦᠨ ᠦ ᠨᠡᠢ᠌ᠢᠭᠡᠮ ᠲᠡᠦᠬᠡ ᠶᠢᠨ ᠡᠬᠢ ᠰᠤᠷᠪᠤᠯᠵᠢ
Creator ᠡᠷᠳᠡᠨᠢ
Keyword ᠬᠤᠷᠴᠢᠨ ᠠᠷᠠᠳ ᠤᠨ ᠦᠯᠢᠭᠡᠷᠲᠦ ᠳᠠᠭᠤᠤ; ᠨᠤᠲᠤᠭ ᠤᠰᠤ; ᠬᠦᠦᠷᠨᠢᠯ ᠦᠨ ᠬᠡᠪ ᠵᠠᠭᠪᠤᠷ; 《ᠹᠧᠩᠱᠦ᠋ᠢ》; ᠡᠬᠢ ᠰᠤᠷᠪᠤᠯᠵᠢ
Abstract ᠣᠢ᠌ᠷ᠎ᠠ ᠣᠷᠴᠢᠨ ᠦᠶ᠎ᠡ ᠶᠢᠨ ᠬᠤᠷᠴᠢᠨ ᠠᠷᠠᠳ ᠤᠨ ᠦᠯᠢᠭᠡᠷᠲᠦ ᠳᠠᠭᠤᠤ ᠶᠢᠨ ᠡᠬᠢᠯᠡᠯᠲᠡ ᠶᠢᠨ ᠬᠡᠰᠡᠭ ᠲᠦ᠂ ᠭᠤᠤᠯ ᠪᠠᠭᠠᠲᠤᠷ ᠤᠨ 《ᠤᠤᠭᠤᠭᠰᠠᠨ ᠤᠰᠤ ᠤᠨᠠᠭᠰᠠᠨ ᠰᠢᠷᠦᠢ》᠋ ᠶᠢ ᠲᠤᠳᠤᠷᠬᠠᠢ᠌ᠯᠠᠨ ᠦᠭᠦᠯᠡᠭᠡᠳ ᠳᠠᠷᠠᠭ᠎ᠠ ᠨᠢ ᠰᠠᠶ‍ᠢ ᠦᠯᠢᠭᠡᠷ ᠦᠢᠯᠡ ᠶᠠᠪᠤᠳᠠᠯ ᠢᠶᠠᠨ ᠬᠦᠦᠷᠨᠢᠬᠦ ᠬᠡᠯᠪᠡᠷᠢ ᠪᠤᠢ ᠪᠤᠯᠵᠠᠢ᠃ ᠡᠭᠦᠨ ᠢ ᠵᠠᠷᠢᠮ ᠰᠤᠳᠤᠯᠤᠭᠴᠢᠳ 《ᠹᠧᠩᠱ᠋ᠦ᠋ᠢ ᠲᠡᠢ ᠭᠠᠵᠠᠷ ᠪᠠᠭᠠᠲᠤᠷ ᠡᠷ᠎ᠡ ᠮᠡᠨᠳᠦᠯᠡᠬᠦ ᠮᠤᠲ᠋ᠢᠹ》ᠭᠡᠰᠡᠨ ᠪᠦᠭᠡᠳ 《ᠣᠢ᠌ᠷ᠎ᠠ ᠣᠷᠴᠢᠨ ᠦᠶ᠎ᠡ ᠶᠢᠨ ᠬᠤᠷᠴᠢᠨ ᠨᠤᠲᠤᠭ ᠤᠨ ᠣᠨᠴᠠᠭᠠᠢ ᠨᠡᠢ᠌ᠭᠡᠮ ᠲᠡᠦᠬᠡ ᠶᠢᠨ ᠠᠬᠤᠢ ᠪᠠᠢ᠌ᠳᠠᠯ ᠤᠨ ᠳᠤᠤᠷᠠᠬᠢ ᠮᠣᠩ᠋ᠭᠤᠯ ᠦᠨᠳᠦᠰᠦᠲᠡᠨ ᠦ ᠤᠯᠠᠮᠵᠢᠯᠠᠯᠲᠤ ᠰᠤᠶᠤᠯ ᠪᠤᠯᠤᠨ ᠬᠢᠲᠠᠳ ᠤᠨ ᠹᠧᠩᠱᠦ᠋ᠢ ᠶᠢᠨ ᠰᠤᠶᠤᠯ ᠬᠠᠷᠢᠯᠴᠠᠨ ᠠᠭᠤᠰᠤᠨ ᠨᠢᠭᠡᠲᠦᠭᠰᠡᠨ ᠦ ᠦᠷ᠎ᠡ ᠳ᠋ᠦᠩ ᠳᠦ ᠪᠤᠢ ᠪᠤᠯᠤᠭᠰᠨ ᠶᠤᠮ》ᠭᠡᠵᠡᠢ᠃ ᠭᠡᠪᠡᠴᠦ ᠨᠠᠷᠢᠨ ᠠᠵᠢᠭᠯᠠᠪᠠᠯ ᠡᠢ᠌ᠮᠦᠷᠭᠦᠦ ᠵᠠᠭᠪᠤᠷᠴᠢᠯᠠᠭᠰᠠᠨ ᠰᠢᠨᠵᠢ ᠲᠡᠢ ᠬᠦᠦᠷᠨᠢᠯ ᠦᠨ ᠬᠡᠯᠪᠡᠷᠢ ᠨᠢ ᠮᠣᠩ᠋ᠭᠤᠯ ᠤᠨ ᠡᠷᠲᠡᠨ ᠦ ᠨᠡᠭᠦᠳᠡᠯ ᠮᠠᠯᠵᠢᠯ ᠤᠨ ᠠᠮᠢᠳᠤᠷᠠᠯ ᠤᠨ ᠬᠡᠯᠪᠡᠷᠢ᠂ ᠠᠮᠢᠳᠤᠷᠠᠯ ᠤᠨ ᠳᠠᠳᠬᠠᠯ ᠲᠠᠢ ᠬᠤᠯᠪᠤᠭᠳᠠᠬᠤ ᠪᠦᠭᠡᠳ ᠤᠳᠤᠮ ᠤᠭᠰᠠᠭ᠎ᠠ᠂ ᠪᠡᠶ᠎ᠡ ᠶᠢᠨ ᠭᠠᠷᠤᠯ ᠢ ᠣᠨᠴᠠ ᠬᠦᠨᠳᠦᠳᠭᠡᠳᠡᠭ ᠮᠣᠩ᠋ᠭᠤᠯ ᠦᠨᠳᠦᠰᠦᠲᠡᠨ ᠦ ᠤᠯᠠᠮᠵᠢᠯᠠᠯᠲᠤ ᠵᠠᠩ ᠠᠭᠠᠯᠢ᠂ ᠰᠡᠳᠬᠢᠭᠦᠢ ᠶᠢᠨ ᠬᠡᠯᠪᠡᠷᠢ ᠵᠢᠴᠢ ᠨᠡᠢ᠌ᠭᠡᠮ ᠲᠡᠦᠬᠡ ᠶᠢᠨ ᠬᠦᠭ᠍ᠵᠢᠯᠲᠡ ᠶᠢᠨ ᠶᠠᠪᠤᠴᠠ ᠲᠠᠢ ᠨᠢᠭᠲᠠ ᠬᠤᠯᠪᠤᠭᠳᠠᠨ᠎ᠠ᠃
Original Literature View Original Paper
出自 中国蒙古学 2013年 第6期

联系我们


内蒙古大学图书馆
呼和浩特市大学西路235号
中国·内蒙古
P: (0471) 4992561
E: huangfeilong@imu.edu.cn